ᠮᠢᠨᠦ ᠳᠡᠯᠡᠬᠡᠢ - ᠪᠠᠪᠤᠤ ᠶ᠋ᠢᠨ ᡀᠬᠠᠪᠠᠰᠥ᠋ᠷᠦᠩ Миний дэлхий — Бавуугийн Лхагвасүрэн
ᠠᠯᠠᠭ᠎ᠠ ᠶ᠋ᠢᠨ ᠴᠢᠨᠡᠭᠡᠨ ᠱᠠᠯᠪᠠᠭᠠᠨ ᠳ᠋ᠤᠨᠢ
ᠰᠠᠷ᠎ᠠ ᠪᠠᠭᠲᠠᠵᠤ ᠬᠣᠨᠣᠳᠠᠭ᠁
ᠲᠠᠤᠯᠠᠢ ᠶ᠋ᠢᠨ ᠬᠡᠪᠲᠡᠷᠢ ᠰᠢᠭ ᠬᠣᠩᠬᠣᠷ ᠲᠤᠨᠢ
ᠲᠩᠷᠢ ᠣᠳᠣ ᠲᠠᠢ ᠪᠠᠨ ᠪᠠᠭᠲᠠᠳᠠᠭ
ᠠᠯᠠᠭ ᠳᠡᠯᠡᠬᠡᠢ ᠮᠢᠨᠢ
ᠠᠭᠤᠤ ᠲᠣᠮᠣ
ᠨᠠᠷᠠᠨ ᠤ᠋ ᠭᠠᠯ ᠵᠠᠯᠭᠢᠵᠤ
ᠲᠡᠦᠬᠡ ᠶ᠋ᠢᠨ ᠴᠠᠩᠭᠠᠭ᠎ᠠ ᠪᠠᠨ ᠲᠠᠢᠯᠳᠠᠭ
ᠰᠠᠷᠠᠨ ᠤ᠋ ᠴᠠᠭᠠᠨ ᠬᠢᠷᠠᠮ᠎ᠠ ᠪᠠᠷ
ᠴᠢᠰᠤᠲᠠᠢ ᠢᠯᠳᠦ ᠪᠡᠨ ᠤᠬᠢᠶᠠᠳᠠᠭ
ᠠᠯᠠᠭ ᠳᠡᠯᠡᠬᠡᠢ ᠮᠢᠨᠢ
ᠠᠭᠤᠤ ᠲᠣᠮᠣ
ᠰᠠᠯᠬᠢᠨ ᠤ᠋ ᠴᠡᠩᠬᠡᠷ ᠠᠮᠢᠰᠬᠤᠭ᠎ᠠ ᠪᠠᠷ
ᠬᠤᠮᠠᠬᠢ ᠶ᠋ᠢᠨ ᠲᠣᠭᠣᠰᠣ ᠪᠠᠨ ᠭᠦᠪᠢᠳᠡᠭ
ᠰᠣᠯᠢᠷ ᠤ᠋ᠨ ᠰᠢᠭᠤᠷᠭᠠᠨ ᠳ᠋ᠤ᠌ ᠪᠠᠯᠪᠠᠭᠤᠯᠵᠤ
ᠯᠠᠭᠱᠠᠨ ᠤ᠋ ᠴᠢᠯᠡᠭᠡ ᠪᠡᠨ ᠭᠠᠷᠭᠠᠳᠠᠭ
ᠠᠯᠠᠭ ᠳᠡᠯᠡᠬᠡᠢ ᠮᠢᠨᠢ
ᠠᠭᠤᠤ ᠲᠣᠮᠣ
ᠠᠮᠢᠨ ᠳᠡᠯᠡᠬᠡᠢ ᠮᠢᠨᠢ ᠲᠣᠮᠣ ᠴᠦ᠍
ᠠᠮᠤᠷ ᠠᠮᠤᠭᠤᠯᠠᠩ ᠳ᠋ᠤ᠌ ᠬᠠᠷᠠᠮᠬᠠᠨ
ᠠᠵᠠ ᠶ᠋ᠢᠨ ᠳᠡᠯᠡᠬᠡᠢ ᠮᠢᠨᠢ ᠲᠣᠮᠣ ᠴᠦ᠍
ᠠᠮᠢᠳᠤ ᠶ᠋ᠢᠨ ᠵᠠᠶᠠᠭᠠᠨ ᠳ᠋ᠤ᠌ ᠬᠣᠷᠣᠮᠬᠠᠨ
ᠪᠣᠷᠣ ᠳᠡᠯᠡᠬᠡᠢ ᠮᠢᠨᠢ ᠲᠣᠮᠣ ᠴᠦ᠍
ᠪᠣᠳᠣᠯ ᠪᠠᠭᠲᠠᠬᠤ ᠦᠭᠡᠢ ᠵᠢᠭᠠᠬᠠᠨ
ᠬᠥᠬᠡ ᠳᠡᠯᠡᠬᠡᠢ ᠮᠢᠨᠢ ᠲᠣᠮᠣ ᠴᠦ᠍
ᠬᠥᠮᠦᠨ ᠦ᠌ ᠲᠠᠷᠢᠬᠢᠨ ᠠ᠋ᠴᠠ ᠵᠢᠵᠢᠭᠬᠡᠨ
ᠠᠯᠠᠭ ᠳᠡᠯᠡᠬᠡᠢ ᠮᠢᠨᠢ
《ᠵᠢᠵᠢᠭᠬᠡᠨ》
2006 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
