ᠪᠤᠷᠢᠶᠠᠳ-ᠷ ∙ ᠴᠣᠢᠨᠣᠮ-ᠨᠠᠢᠷᠠᠭᠯᠠᠯР.Чойном Буриад найраглал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠢᠶᠠᠳ-ᠷ ∙ ᠴᠣᠢᠨᠣᠮ-ᠨᠠᠢᠷᠠᠭᠯᠠᠯР.Чойном Буриад найраглал

ᠪᠤᠷᠢᠶᠠᠳ-ᠷ ∙ ᠴᠣᠢᠨᠣᠮ-ᠨᠠᠢᠷᠠᠭᠯᠠᠯР.Чойном Буриад найраглал

2025-01-08

1004

ᠪᠤᠷᠢᠶᠠᠳ

          ᠷ · ᠴᠤᠢᠨᠤᠮ 
ᠬᠡᠭᠡᠷ᠎ᠡ ᠶ᠋ᠢᠨ ᠭᠥᠷᠥᠭᠡᠰᠦ ᠰᠢᠭ ᠨᠠᠰᠤᠨ ᠤ᠋ ᠮᠢᠨᠢ 
ᠬᠡ ᠲᠡᠢ ᠬᠣᠷᠭᠣᠢ ᠰᠢᠭ᠋ ᠨᠠᠮᠲᠠᠷ ᠳᠤᠮᠳᠠ 
ᠠᠷᠢᠯᠤᠰᠢ ᠦᠭᠡᠢ ᠮᠥᠷ ᠢ᠋ᠶ᠋ᠡᠨ ᠦᠯᠡᠳᠡᠭᠡᠭᠰᠡᠨ 
ᠠᠶ᠎ᠠ ᠮᠢᠨᠦ ᠪᠤᠷᠢᠶᠠᠳ ᠃

ᠰᠢᠯᠦᠭ ᠪᠢᠳᠡᠨ ᠬᠣᠶᠠᠷ ᠤ᠋ᠳ ᠬᠠᠨᠢᠯᠠᠭᠰᠠᠨ 
ᠱᠢᠷᠦ ᠰᠤᠪᠤᠳ ᠰᠢᠭ᠋ ᠵᠢᠯ ᠦ᠋ᠳ ᠦ᠋ᠨ ᠬᠡᠯᠬᠢᠶᠡᠨ ᠳ᠋ᠦ᠍ 
ᠠᠯᠳᠠᠩᠬᠠᠨ ᠡᠷᠢᠭᠡ ᠪᠣᠯᠵᠤ ᠦᠯᠡᠳᠡᠭᠰᠡᠨ 
ᠠᠶ᠎ᠠ ᠮᠢᠨᠦ ᠪᠤᠷᠢᠶᠠᠳ ᠃

ᠳᠤᠷ᠎ᠠ ᠪᠠᠷ ᠵᠠᠳᠠᠭᠠᠢ ᠠᠮᠢᠳᠤᠷᠠᠯ ᠤ᠋ᠨ ᠮᠢᠨᠢ
ᠳᠤᠮᠳᠠᠭᠤᠷ ᠳᠦᠭᠦᠷᠡᠩ ᠬᠤᠨᠳᠠᠭ᠎ᠠ ᠨᠤᠭᠤᠳ ᠳᠤᠮᠳᠠ
ᠠᠭᠠᠭᠲᠠᠢᠬᠠᠨ ᠰᠠᠷᠬᠤᠳ ᠪᠣᠯᠵᠤ ᠠᠮᠲᠠᠯᠠᠭᠳᠠᠭᠰᠠᠨ
ᠠᠶ᠎ᠠ ᠮᠢᠨᠦ ᠪᠤᠷᠢᠶᠠᠳ ᠃

ᠤᠷᠭᠤᠨ ᠲᠥᠯᠵᠢᠬᠦ ᠨᠠᠰᠤᠨ ᠤ᠋ ᠮᠢᠨᠢ
ᠤᠮᠣ ᠽᠠᠨᠳᠠᠨ ᠰᠢᠭ᠋ ᠴᠤᠭᠴᠠᠰᠤᠨ ᠳ᠋ᠤ᠌
ᠡᠢᠳᠧᠯᠢᠪᠸᠰ ᠴᠡᠴᠡᠭ ᠪᠣᠯᠵᠤ ᠳᠡᠯᠭᠡᠷᠡᠭᠰᠡᠨ
ᠡᠨᠡ ᠮᠢᠨᠦ ᠪᠤᠷᠢᠶᠠᠳ ᠃

ᠥᠨᠳᠥᠷ ᠣᠷᠣᠢᠲᠠᠢ ᠮᠠᠯᠠᠭᠠᠢ ᠳ᠋ᠤ᠌ ᠴᠢᠨᠢ
ᠥᠷᠭᠡᠨ ᠡᠮᠵᠢᠶᠡᠷᠢᠲᠡᠢ ᠳᠡᠪᠡᠯ ᠳ᠋ᠦ᠍ ᠴᠢᠨᠢ
ᠤᠲᠠᠰᠤᠨ ᠴᠡᠴᠤᠭᠲᠠᠢ ᠪᠥᠰᠡᠨ ᠳ᠋ᠦ᠍ ᠴᠢᠨᠢ
ᠤᠯᠠᠭᠠᠨ ᠰᠥᠭᠥᠬᠡᠢ ᠭᠤᠲᠤᠯ ᠳ᠋ᠤ᠌ ᠴᠢᠨᠢ

ᠣᠢ ᠳ᠋ᠤ᠌ ᠬᠠᠩᠭᠢᠨᠠᠬᠤ ᠰᠦᠬᠡᠨ ᠳ᠋ᠦ᠍ ᠴᠢᠨᠢ
ᠤᠨᠤᠨ ᠢ᠋ ᠭᠠᠲᠤᠯᠬᠤ ᠪᠢᠷᠪᠡᠼᠠᠨ(ᠵᠢᠵᠢᠭ ᠰᠠᠯ ) ᠳ᠋ᠤ᠌ ᠴᠢᠨᠢ
ᠮᠣᠢᠯ ᠲᠠᠢ ᠲᠣᠰᠣ ᠂ ᠵᠥᠭᠡᠬᠡᠢ ᠳ᠋ᠦ᠍ ᠴᠢᠨᠢ
ᠮᠣᠨᠴᠣᠭᠣᠷ ᠮᠥᠩᠭᠥᠨ ᠲᠷᠦ᠋ᠪᠺᠡᠨ (ᠭᠠᠩᠰᠠ ) ᠳ᠋ᠤ᠌ ᠴᠢᠨᠢ

ᠪᠣᠯᠢᠶ᠎ᠠ ᠬᠦᠷᠡᠩ ᠬᠦᠵᠦᠭᠦᠨ ᠳ᠋ᠦ᠍ ᠴᠢᠨᠢ
ᠪᠤᠬ᠎ᠠ ᠶᠦᠯᠳᠦᠨ ᠬᠢᠲᠤᠭᠠᠨ ᠳ᠋ᠤ᠌ ᠴᠢᠨᠢ
ᠤᠶᠠᠬᠠᠨ ᠡᠷᠡᠰᠢᠭᠦᠨ ᠠᠭᠠᠰᠢᠨ ᠳ᠋ᠤ᠌ ᠴᠢᠨᠢ
ᠤ᠌ᠭ ᠤ᠋ᠨ ᠠᠵᠢᠯᠰᠠᠭ ᠠᠶᠠᠰ ᠲᠤ᠌ ᠴᠢᠨᠢ

ᠬᠠᠳᠤᠭᠤᠷ ᠲᠠᠷᠮᠠᠭᠤᠯ ᠠᠨᠵᠢᠰᠤᠨ ᠳ᠋ᠤ᠌ ᠴᠢᠨᠢ
ᠬᠠᠰᠢᠶ᠎ᠠ ᠠᠮᠪᠠᠷ᠎ᠠ ᠪᠠᠭᠤᠴᠠᠨ ᠳ᠋ᠤ᠌ ᠴᠢᠨᠢ
ᠬᠠᠳᠬᠤᠭᠤᠷ ᠮᠥᠭᠡᠷ ᠲᠡᠢ ᠲᠡᠷᠭᠡᠨ ᠳ᠋ᠦ᠍ ᠴᠢᠨᠢ
ᠬᠠᠲᠠᠷᠢᠴᠢ ᠮᠣᠷᠢᠲᠠᠢ ᠴᠢᠷᠭᠠᠨ ᠳ᠋ᠤ᠌ ᠴᠢᠨᠢ

ᠨᠡᠷ᠎ᠡ ᠮᠢᠨᠢ ᠰᠢᠯᠦᠭ ᠮᠢᠨᠢ ᠂ ᠵᠢᠷᠦᠬᠡ ᠮᠢᠨᠢ ᠂
ᠨᠢᠭᠡ ᠯᠡ ᠡᠷᠬᠡ ᠦᠭᠡᠢ ᠲᠠᠲᠠᠭᠳᠠᠭᠠᠳ ᠪᠠᠢᠨ᠎ᠠ ᠯᠠ ᠃
ᠮᠡᠨᠳᠦ ᠠᠮᠤᠷ ᠠ᠋! ᠪᠤᠷᠢᠶᠠᠳ ᠵᠤᠨ ᠂
ᠲᠠᠭᠱᠨ ᠳᠦᠭᠦᠷᠭᠡᠨ ᠮᠡᠯᠲᠡᠢᠯᠭᠡᠵᠦ ᠪᠠᠷᠢᠭᠰᠠᠨ
ᠲᠠᠪᠤᠨ ᠰᠢᠮ᠎ᠡ ᠶ᠋ᠢᠨ ᠳᠡᠭᠡᠵᠢ ᠡᠴᠡ ᠴᠢᠨᠢ
ᠢᠳᠠᠮ ᠬᠤᠷᠤᠭᠤ ᠪᠠᠷ ᠢ᠋ᠶ᠋ᠠᠨ ᠰᠥᠰᠥᠯᠡᠨ ᠡᠷᠭᠦᠵᠦ
ᠢᠷᠠᠭᠤᠬᠠᠨ ᠤᠨᠤᠨ ᠳ᠋ᠠᠭᠠᠨ ᠰᠡᠷᠵᠢᠮ ᠰᠠᠴᠤᠵᠤ
ᠪᠠᠪᠠᠢ① ᠲᠠ ᠨᠠᠷ ᠢ᠋ ᠪᠡᠨ ᠂ ᠬᠠᠨ ᠬᠡᠨᠲᠡᠢ ᠰᠢᠭ ᠢ᠋ᠶ᠋ᠡᠨ
ᠪᠠᠲᠤ ᠳᠥᠰᠢᠨ ᠵᠢᠷᠭᠠᠵᠤ ᠰᠠᠭᠤᠬᠤ ᠶ᠋ᠢᠨ
ᠠᠷᠢᠭᠤᠬᠠᠨ ᠢᠷᠦᠭᠡᠯ ᠢ᠋ ᠵᠢᠷᠦᠬᠡᠨ ᠳ᠋ᠡᠭᠡᠨ ᠰᠢᠪᠰᠢᠭᠡᠳ
ᠠᠮᠢᠰᠬᠤᠯ ᠲᠡᠳᠡᠨ ᠬᠦᠨᠳᠡᠷᠴᠦ ᠤᠷᠭᠢᠶ᠎ᠠ ᠃
ᠬᠠᠯᠬ᠎ᠠ ᠭᠡᠳᠡᠭ ᠶᠡᠬᠡ ᠰᠠᠨᠰᠠᠷ ᠲᠤ᠌
ᠠᠷᠠᠳ ᠲᠦᠮᠡᠨ ᠭᠡᠳᠡᠭ ᠣᠳᠣ ᠨᠤᠭᠤᠳ ᠳᠤᠮᠳᠠ

ᠪᠤᠷᠢᠶᠠᠳ ᠭᠡᠳᠡᠭ ᠨᠢᠭᠡᠨ ᠡᠷᠬᠡᠰ(ᠣᠳᠣᠨ ᠴᠣᠭᠴᠠᠰ ) ᠤ᠋ᠨ
ᠪᠤᠳᠠᠩᠲᠤ ᠮᠠᠨᠳᠠᠯ ᠳ᠋ᠤ᠌ ᠠᠯᠬᠤᠨ ᠣᠷᠣᠵᠤ
ᠥᠪᠡᠷᠮᠢᠴᠡ ᠭᠠᠳᠠᠷᠭᠤᠨ ᠳ᠋ᠤᠨᠢ ᠬᠥᠯ ᠲᠠᠯᠪᠢᠵᠤ
ᠡᠪᠦᠷ ᠭᠦᠨ ᠤᠷᠤᠭᠤ ᠨᠢ ᠨᠡᠪᠲᠡᠷᠡᠨ ᠣᠷᠣᠬᠤ
ᠡᠷᠳᠡᠨᠢ ᠶ᠋ᠢᠨ ᠠᠯᠲᠠᠨ ᠲᠦᠯᠬᠢᠭᠦᠷ ᠪᠣᠯᠤᠭᠰᠠᠨ ᠰᠧᠮᠵᠢᠤᠬᠡᠢ
ᠡᠯᠢᠭᠡ ᠵᠢᠷᠦᠬᠡᠨ ᠡᠴᠡ ᠮᠢᠨᠢ ᠭᠠᠷᠤᠨ᠎ᠠ ᠦᠭᠡᠢ ᠯᠡ ᠃
ᠬᠣᠯᠠ ᠥᠨᠢ ᠶ᠋ᠢᠨ ᠠᠷᠢᠭᠤᠨ ᠳᠤᠷᠠᠳᠬᠠᠯ
ᠬᠣᠯᠠ ᠳ᠋ᠠᠭᠠᠨ ᠲᠣᠯᠢᠷᠠᠭᠰᠠᠨ ᠠᠯᠲᠠᠨ ᠤᠨᠤᠨ ᠤ᠋
ᠬᠤᠩᠬᠢᠶᠠᠬᠠᠨ ᠳᠠᠭᠤᠤ ᠪᠠᠨ ᠨᠠᠳᠠ ᠳ᠋ᠠᠭᠠᠨ ᠳᠠᠭᠤᠯᠠᠭᠠᠴᠢ
ᠬᠣᠯᠴᠢᠷᠬᠠᠨ ᠵᠠᠩ ᠲᠠᠢ ᠰᠧᠮᠵᠢᠤᠬᠡᠢ ᠮᠢᠨᠢ ᠃
ᠮᠥᠩᠭᠥᠨ ᠰᠥᠨᠢ ᠶ᠋ᠢᠨ ᠨᠠᠷᠭᠢᠶᠠᠨ ᠲᠠᠢ ᠨᠠᠮᠢᠶᠠᠨ ᠰᠤᠤ( ᠳ᠋ᠤᠨᠢ )
ᠮᠦᠯᠰᠣᠨ ᠴᠡᠴᠡᠭ ᠬᠠᠩᠭᠢᠷ ᠵᠢᠩᠭᠢᠷ
ᠮᠥᠷᠥᠭᠡᠳᠦᠯ ᠳᠦᠭᠦᠷᠡᠩ ᠨᠢᠳᠦᠨ ᠰᠤᠤ ᠨᠢ
ᠮᠢᠴᠢᠳ ᠣᠯᠠᠨ ᠬᠢᠯᠠᠷ ᠶᠠᠯᠠᠷ ᠃
*  *  *
ᠠᠭᠤᠴᠢᠯᠠᠭᠠᠷᠠᠢ ᠂ ᠪᠤᠰᠤᠳ ᠤ᠋ᠨ ᠬᠡᠯᠡᠨ ᠳ᠋ᠦ᠍ ᠬᠤᠷᠤᠭᠤ ᠲᠥᠷᠥᠵᠦ
ᠤᠷ᠎ᠠ ᠮᠠᠭᠤᠲᠠᠢᠬᠠᠨ ᠳᠥᠷᠪᠡᠨ ᠪᠠᠳᠠᠭ ᠬᠡᠯᠡᠯ᠎ᠡ
ᠪᠤᠷᠤᠭᠤ ᠪᠠᠢᠬᠤ ᠠᠪᠠᠰᠤ ᠵᠢᠩᠬᠢᠨᠢ
ᠪᠤᠷᠢᠶᠠᠳ ᠢ᠋ᠶ᠋ᠠᠷ ᠨᠢ ᠪᠣᠯᠭᠠᠨ ᠬᠡᠯᠡᠨ᠎ᠡ ᠪᠢᠵᠡ ᠃
ᠶᠠᠮᠠᠷ ᠴᠤ᠌ ᠭᠡᠰᠡᠨ ᠬᠣᠷᠢᠭᠠᠳ ᠨᠠᠰᠤᠨ ᠳ᠋ᠠᠭᠠᠨ
ᠴᠢᠮᠪᠠᠢᠬᠠᠨ ᠪᠠᠰᠠᠭᠠᠨ ᠤ᠋ ᠬᠠᠢᠷ᠎ᠠ ᠶ᠋ᠢᠨ ᠰᠡᠳᠬᠢᠯ ᠳ᠋ᠦ᠍
ᠰᠢᠲᠠᠵᠤ ᠪᠠᠢᠭᠰᠠᠨ ᠲᠡᠷᠲᠡᠭᠡᠬᠢ ᠰᠥᠨᠢ ᠨᠦ᠍ᠭᠦᠳ
ᠴᠡᠩᠭᠡᠯ ᠦ᠋ᠨ ᠳᠤᠭᠤᠷ᠎ᠠ ᠶ᠋ᠢ ᠨᠢᠭᠡᠮᠦᠰᠦᠨ
ᠴᠡᠯᠡᠯᠵᠡᠭᠦᠯᠦᠨ ᠪᠢᠯᠬᠠᠭᠠᠭᠠᠳ ᠬᠥᠯᠴᠥᠭᠦᠷᠡᠬᠦ ᠰᠢᠭ
ᠠᠭᠠᠰᠢ ᠪᠣᠯᠤᠨ ᠪᠠᠶᠠᠷ ᠭᠤᠨᠢᠭ ᠢ᠋ᠶ᠋ᠠᠷ
ᠠᠷᠪᠠᠨ ᠵᠢᠯ ᠰᠢᠷᠬᠠᠯᠠᠭᠰᠠᠨ ᠶᠤᠮ ᠰᠢᠭ᠋
ᠣᠳᠣ ᠪᠣᠯᠲᠠᠯ᠎ᠠ ᠵᠢᠷᠦᠬᠡᠨ ᠳ᠋ᠦ᠍ ᠬᠥᠨᠳᠡᠭᠦᠷ
ᠣᠯᠠᠨ ᠳᠤᠷᠠᠳᠬᠠᠯ ᠰᠡᠳᠬᠢᠯ ᠡᠴᠡ ᠥᠨᠳᠡᠢᠨ᠎ᠡ ᠃
ᠤᠨᠤᠨ ᠮᠢᠨᠢ ᠂ ᠪᠤᠷᠢᠶᠠᠳ ᠮᠢᠨᠢ ᠂ ᠠᠭᠤᠴᠢᠯᠠᠭᠠᠷᠠᠢ ᠂
ᠣᠪᠢᠯᠭ᠎ᠠ ᠦᠭᠡᠢ ᠴᠦ᠍ ᠶᠠᠪᠤᠯ᠎ᠠ ᠂ ᠵᠠᠯᠠᠭᠤᠬᠠᠨ ᠴᠤ᠌ ᠶᠠᠪᠤᠯ᠎ᠠ ᠃
ᠬᠦᠷᠡᠩ ᠤᠯᠠᠭᠠᠨ ᠲᠦᠳᠡᠭ ᠭᠠᠯ ᠤ᠋ᠨ ᠲᠤᠶᠠᠭᠠᠨ ᠳ᠋ᠤ᠌
ᠬᠥᠪᠡᠭᠦᠳ ᠥᠬᠢᠳ ᠴᠣᠭᠲᠠᠢ ᠱᠣᠪᠣᠯᠵᠠᠵᠤ
ᠬᠠᠲᠠᠷᠢᠶ᠎ᠠ ᠪᠥᠵᠢᠬᠦ ᠬᠥᠯ ᠦ᠋ᠨ ᠬᠢᠨᠢ ᠰᠡᠭᠦᠳᠡᠷ
ᠬᠠᠨ᠎ᠠ ᠶ᠋ᠢᠨ ᠰᠢᠭᠢᠷ᠎ᠡ ᠶ᠋ᠢᠨ ᠰᠢᠭᠦᠳᠡᠷᠢ ᠰᠢᠭ ᠴᠡᠴᠤᠷᠡᠨ᠎ᠠ᠃
ᠲᠠᠯ᠎ᠠ ᠪᠦᠷᠢ ᠲᠠᠰᠢ ᠪᠠᠨ ᠬᠤᠪᠢ ᠵᠠᠶᠠᠭᠠᠨ ᠤ᠋
ᠳᠠᠭᠠᠪᠤᠷᠢ ᠵᠦᠩ ᠰᠢᠭ ᠬᠤᠪᠢᠯᠤᠨ ᠣᠳᠴᠤ
ᠳᠡᠰ ᠬᠠᠷᠠᠩᠭᠤᠢ ᠰᠥᠨᠢ ᠶ᠋ᠢᠨ ᠬᠡᠪᠡᠯᠢ ᠳ᠋ᠦ᠍
ᠲᠠᠨ ᠤ ᠮᠠᠨ ᠤ᠋ ᠦᠭᠡᠢ ᠠᠭᠤᠰᠴᠤ ᠪᠠᠢᠭᠰᠠᠨ
ᠤᠷᠠᠨ ᠴᠡᠩᠭᠡᠭᠦᠨ ᠶᠣᠬᠣᠷ ᠤ᠋ᠨ ᠠᠶᠠᠰ
ᠤᠷᠭᠤᠭ᠎ᠠ ᠮᠣᠳᠣᠨ ᠤ᠋ ᠦᠵᠦᠭᠦᠷ ᠳᠠᠮᠵᠢᠨ
ᠤᠷᠠᠨ ᠣᠪᠣᠭ᠎ᠠ ᠬᠥᠯ ᠦ᠋ᠨ ᠥᠯᠮᠡᠢ ᠨᠦ᠍ᠭᠦᠳ
ᠤᠭᠠᠯᠵᠠᠷᠠᠬᠤ ᠭᠣᠣᠯ ᠢ᠋ ᠲᠣᠭᠣᠷᠢᠨ ᠳᠡᠪᠰᠡᠯᠡᠵᠦ
ᠨᠠᠮᠵᠤᠷ ᠰᠢᠳᠡᠬᠦ ᠠᠳᠠᠲᠠᠢ ᠨᠢᠳᠦᠨ ᠦ᠌
ᠨᠠᠷᠢᠨ ᠳᠠᠪᠬᠤᠷᠭᠠᠨ ᠳ᠋ᠤ᠌ ᠵᠢᠷᠦᠬᠡ ᠪᠡᠨ ᠬᠠᠪᠴᠢᠭᠤᠯᠵᠤ
ᠬᠠᠷᠠᠬᠠᠨ ᠭᠡᠵᠢᠭᠡ ᠤᠷᠭ᠎ᠠ ᠶ᠋ᠢᠨ ᠬᠤᠢᠪᠢ ᠰᠢᠭ᠋
ᠬᠠᠴᠠᠷ ᠳᠤᠮᠳᠠᠭᠤᠷ ᠰᠢᠯᠪᠢᠭᠦᠷᠲᠡᠨ ᠡᠷᠭᠢᠵᠦ
ᠠᠮᠢᠨ ᠳ᠋ᠠᠭᠠᠨ ᠮᠢᠬᠠᠯᠢᠭ ᠵᠥᠭᠡᠯᠡᠨ ᠭᠠᠷ ᠨᠢ
ᠠᠰᠠᠭᠰᠠᠨ ᠳᠥᠯᠥ ᠰᠢᠭ ᠬᠠᠯᠠᠭᠤ ᠳᠦᠦᠭᠡᠵᠦ
ᠨᠠᠳᠠ ᠲᠠᠢ ᠬᠠᠮᠲᠤ ᠪᠤᠷᠢᠶᠠᠳ ᠪᠠᠰᠠᠭᠠᠨ
ᠨᠠᠭᠠᠳᠤᠮ ᠤ᠋ᠨ ᠵᠤᠭ᠎ᠠ ᠠ᠋ᠴᠠ ᠠᠯᠪᠠ ᠪᠠᠷ ᠲᠥᠭᠡᠷᠢᠪᠡ ᠃
ᠴᠢᠭᠢᠭ ᠳᠠᠭᠠᠭᠠᠭᠰᠠᠨ ᠤᠨᠤᠨ ᠤ᠋ ᠰᠥᠨᠢ ᠪᠡᠷ
ᠴᠢᠩᠭᠡᠯᠢᠭ ᠲᠡᠢ ᠲᠡᠷᠭᠡᠨ ᠦ᠌ ᠠᠷᠠᠯ ᠰᠠᠨᠳᠠᠢᠯᠠᠵᠤ
ᠴᠢᠭᠢᠷᠠᠭ ᠪᠣᠯᠣᠳ ᠵᠤᠵᠠᠭᠠᠨ ᠤᠷᠤᠭᠤᠯ ᠢ᠋ᠶ᠋ᠠᠷ
ᠴᠢᠮᠡᠭᠡ ᠨᠢ ᠶᠡᠬᠡᠲᠡᠢ ᠲᠠᠭᠠᠯᠠᠵᠤ ᠪᠠᠢᠭᠰᠠᠨ
ᠨᠠᠲᠣᠭᠠᠷ ᠵᠢᠭᠠᠬᠠᠨ ᠰᠸᠮᠵᠢᠤᠬᠡᠢ ᠨᠢ
ᠨᠠᠮᠠᠶ᠋ᠢ ᠣᠳᠣ ᠮᠠᠷᠲᠠᠭ᠎ᠠ ᠪᠣᠯᠪᠠ ᠤᠤ ?
ᠨᠠᠰᠤᠨ ᠠᠬᠢᠵᠤ ᠦᠰᠦ ᠨᠢ ᠪᠤᠭᠤᠷᠤᠯᠳᠠᠭᠰᠠᠨ ᠴᠤ᠌
ᠨᠠᠭᠠᠯᠢᠩᠬᠠᠢ ᠵᠠᠩ ᠨᠢ ᠬᠡᠪ ᠢ᠋ᠶ᠋ᠡᠷ ᠢ᠋ᠶ᠋ᠡᠨ ᠪᠣᠯᠪᠠ ᠤᠤ
ᠬᠠᠷᠢᠨ ᠪᠢ ᠶᠠᠭᠠᠬᠢᠭᠰᠠᠨ ᠴᠤ᠌ ᠮᠠᠷᠲᠠᠭ᠎ᠠ ᠦᠭᠡᠢ
ᠬᠠᠯᠠᠭᠤᠨ ᠵᠠᠯᠠᠭᠤ ᠨᠠᠰᠤᠨ ᠤ᠋ ᠮᠢᠨᠢ ᠳᠤᠷᠠᠳᠬᠠᠯ
ᠬᠠᠯᠠ ᠦᠵᠡᠭᠡ ᠦᠭᠡᠢ ᠳ᠋ᠧᠪᠠᠵᠠᠨ ᠤ᠋ ᠣᠷᠣᠨ
ᠬᠠᠷᠠᠩᠭᠤᠢ ᠰᠥᠨᠢ ᠨᠦ᠍ᠭᠦᠳ ᠮᠢᠨᠢ ᠮᠠᠨᠳᠤᠲᠤᠭᠠᠢ ᠃
ᠮᠥᠩᠭᠥᠨ ᠰᠠᠷᠠᠨ ᠠᠭᠤᠯᠠ ᠶ᠋ᠢᠨ ᠴᠠᠭᠠᠨ᠎ᠠ ᠠ᠋ᠴᠠ
ᠮᠥᠷᠡᠨ ᠦ᠌ ᠤᠰᠤᠨ ᠳ᠋ᠤ᠌ ᠵᠣᠭᠣᠰ ᠰᠠᠴᠤᠬᠤ ᠳ᠋ᠤ᠌
ᠮᠥᠩᠬᠡ ᠶ᠋ᠢᠨ ᠤᠰᠤᠨ ᠠ᠋ᠴᠠ ᠵᠡᠭᠦᠳᠦᠯᠡᠨ ᠲᠠᠮᠰᠢᠶᠠᠯᠠᠵᠤ
ᠮᠥᠷᠭᠥᠴᠡᠭ ᠦ᠋ᠨ ᠡᠷᠭᠢ ᠤᠷᠤᠭᠤ ᠬᠠᠯᠲᠤ ᠵᠢᠭᠢᠬᠦ ᠨᠢ
ᠪᠠᠷᠭᠤᠵᠢᠨ ᠳᠥᠭᠥᠮ ᠦ᠋ᠨ ᠪᠤᠷᠢᠶᠠᠳ ᠰᠠᠮᠠᠭᠠᠨ ᠤ᠋
ᠪᠠᠯᠢᠤᠰᠤ ᠪᠠᠷ ᠬᠤᠰᠤᠭᠰᠠᠨ ᠵᠢᠭᠠᠰᠤᠨ ᠤ᠋ ᠬᠠᠢᠷᠰᠤ
ᠲᠤᠩᠭᠠᠯᠠᠭᠬᠠᠨ ᠣᠰᠤᠨ᠎ᠠ ᠪᠤᠲᠠᠷᠠᠪᠠ ᠤᠤ ᠭᠡᠯᠲᠡᠢ
ᠲᠤᠰᠤᠭᠰᠠᠨ ᠭᠡᠷᠡᠯ ᠨᠢ ᠪᠥᠵᠢᠭᠯᠡᠨ ᠪᠠᠢᠬᠤ ᠳ᠋ᠤ᠌
ᠵᠢᠷᠦᠬᠡᠨ ᠦ᠌ ᠮᠢᠨᠢ ᠵᠢᠷᠦᠬᠡᠨ ᠦ᠌ ᠮᠢᠨᠢ ᠢᠨᠠᠭ ᠨᠢ
ᠵᠦᠭᠡᠷ ᠢᠨᠢᠶᠡᠬᠦ ᠳ᠋ᠡᠭᠡᠨ ᠶᠠᠭᠠᠬᠢᠬᠤᠪ ᠴᠢ
ᠦᠵᠢᠨ ᠡᠯᠢᠭᠡᠳᠡᠨ ᠪᠠᠬᠠᠷᠬᠠᠮ ᠨᠢ
ᠦᠷᠯᠦᠭᠡᠳᠦᠷ ᠪᠤᠤ ᠶᠠᠪᠤᠭᠠᠷᠠᠢ ᠭᠡᠵᠦ
ᠤᠨᠤᠨ ᠤ᠋ ᠵᠢᠭᠠᠬᠠᠨ ᠰᠸᠮᠵᠢᠤᠬᠡᠢ
ᠣᠨᠴᠠᠭᠠᠢᠬᠠᠨ ᠨᠠᠳᠠᠳᠤ ᠰᠢᠪᠡᠨᠡᠵᠦ ᠪᠢᠯᠡ ᠃
ᠬᠠᠴᠠᠷ ᠨᠢᠭᠤᠷ ᠢ᠋ᠶ᠋ᠠᠨ ᠵᠢᠷᠦᠬᠡᠨ ᠳ᠋ᠦ᠍ ᠮᠢᠨᠢ
ᠬᠠᠯᠠᠭᠠᠳ ᠲᠦᠭᠡᠲᠡᠯ᠎ᠡ ᠨᠠᠭᠠᠯᠳᠤᠭᠤᠯᠵᠤ ᠪᠢᠯᠡ ᠃
ᠳᠠᠭᠤ ᠦᠭᠡᠢᠬᠡᠨ ᠢᠩᠭᠢᠭᠡᠳ ᠨᠠᠭᠠᠯᠳᠤᠵᠤ ᠪᠠᠢᠬᠤ ᠨᠢ
ᠳᠤᠬᠤ ᠨᠢ ᠬᠠᠮᠠᠷ ᠠ᠋ᠴᠠ ᠪᠠᠨ ᠲᠥᠪᠥᠭᠡᠷᠬᠡᠨ ᠴᠦ᠍ ᠶᠤᠮ ᠤᠤ ᠳᠡ ᠃
ᠬᠠᠢᠷᠠᠯᠠᠨ ᠬᠠᠢᠷᠠᠯᠠᠨ ᠭᠡᠮᠰᠢᠬᠦ ᠶ᠋ᠢ ᠨᠢ ᠦᠵᠡᠪᠡᠯ
ᠬᠠᠯᠬ᠎ᠠ ᠶ᠋ᠢᠨ ᠬᠡᠦᠬᠡᠨ ᠨᠦ᠍ᠭᠦᠳ ᠡᠴᠡ ᠡᠷᠬᠡᠬᠡᠨ ᠶᠤᠮ ᠤᠤ ᠳᠡ ᠃
ᠠᠶ᠎ᠠ ᠬᠥᠭᠡᠷᠦᠬᠦᠢ ᠰᠸᠮᠵᠢᠤᠬᠡᠢ
ᠠᠯᠲᠠᠨ ᠤᠨᠤᠨ ᠤ᠋ ᠰᠸᠮᠵᠢᠦᠬᠡᠢ
ᠠᠭᠠᠰᠢᠨ ᠤ᠋ ᠴᠢᠨᠢ ᠬᠥᠭᠡᠷᠦᠬᠦᠨ ᠳ᠋ᠦ᠍ ᠪᠢ ᠴᠢᠨᠢ
ᠠᠷᠭ᠎ᠠ ᠴᠤ᠌ ᠦᠭᠡᠢ ᠠᠪᠲᠠᠭᠰᠠᠨ ᠶᠤᠮ ᠰᠠᠨ ᠃
ᠬᠠᠢᠷ᠎ᠠ ᠬᠠᠢᠷ᠎ᠠ ᠶ᠋ᠢᠨ ᠢ᠋ᠶ᠋ᠡᠨ ᠢᠯᠴᠢᠨ ᠳ᠋ᠦ᠍
ᠬᠠᠢᠬᠤ ᠰᠢᠬᠠᠮ ᠰᠢᠳᠡᠵᠦ ᠪᠠᠢᠳᠠᠭ
ᠰᠠᠮᠤᠷ ᠤ᠋ᠨ ᠪᠣᠷᠭᠣᠴᠠᠢ ᠰᠢᠭ᠋ ᠵᠢᠭᠠᠬᠠᠨ ᠪᠠᠰᠠᠭᠠᠨ
ᠰᠠᠢᠨ ᠬᠡᠦᠬᠡᠨ ᠪᠠᠢᠵᠤ ᠪᠢᠯᠡ ᠃
ᠡᠭᠡᠵᠢᠭ ᠲᠡᠢ ᠴᠠᠭ ᠲᠤ᠌ ᠲᠦᠰᠢᠭ ᠪᠣᠯᠵᠤ
ᠡᠷᠭᠢᠵᠦ ᠪᠤᠴᠠᠰᠢ ᠦᠭᠡᠢ ᠰᠢᠢᠳᠴᠦ ᠴᠢᠳᠠᠳᠠᠭ
ᠡᠷᠡᠮᠡᠬᠡᠢ ᠵᠠᠩ ᠲᠠᠢ ᠪᠤᠷᠢᠶᠠᠳ ᠪᠠᠰᠠᠭᠠᠨ
ᠡᠭᠡᠯ ᠦᠭᠡᠢ ᠬᠥᠮᠦᠨ ᠪᠠᠢᠵᠤ ᠪᠢᠯᠡ ᠃
ᠰᠠᠢᠬᠠᠨ ᠰᠡᠳᠬᠢᠯ ᠲᠡᠢ ᠲᠡᠷᠡ ᠪᠦᠰᠡᠭᠦᠢ ᠲᠡᠢ
ᠰᠠᠢᠨ ᠨᠥᠬᠥᠷ ᠮᠢᠨᠢ ᠲᠠᠨᠢᠯᠴᠠᠭᠤᠯᠤᠭᠰᠠᠨ ᠶᠤᠮ ᠃
ᠠᠮᠠ ᠨᠡᠭᠡᠭᠡᠪᠡᠯ ᠠᠭᠤᠰᠬᠢ ᠨᠡᠭᠡᠭᠡᠨ᠎ᠡ ᠭᠡᠳᠡᠭ
ᠠᠪᠤ ᠶ᠋ᠢᠨ ᠮᠢᠨᠢ ᠦᠭᠡ ᠦᠨᠡᠨ ᠶᠤᠮ ᠪᠠᠢᠨ᠎ᠠ ᠃
ᠲᠡᠢᠨ ᠦ᠌ ᠲᠠᠯᠠᠪᠤᠷ ᠲᠤ᠌ ᠨᠢᠭᠡ ᠨᠢᠭᠡ ᠶ᠋ᠢ ᠪᠡᠨ ᠡᠷᠭᠦᠬᠦ
ᠳᠠᠢᠴᠢᠨ ᠤ᠋ ᠶᠣᠰᠣᠭᠠᠷ ᠲᠡᠷᠡ ᠪᠢᠳᠡ ᠬᠣᠶᠠᠷ
ᠢᠷᠠᠢᠭᠰᠠᠨ ᠰᠢᠯᠦᠭ ᠦ᠋ᠨ ᠰᠤᠮᠤ ᠪᠠᠨ ᠪᠦᠰᠡᠯᠡᠵᠦ
ᠢᠷᠠᠭᠤ ᠨᠠᠢᠷᠠᠭ ᠤ᠋ᠨ ᠲᠠᠯᠠᠪᠤᠷ ᠲᠤ᠌ ᠭᠠᠷᠤᠭᠰᠠᠨ ᠶᠤᠮ ᠃
《 ᠨᠠᠳᠤᠭᠠᠷ ᠵᠢᠭᠠᠬᠠᠨ ᠰᠸᠮᠵᠢᠤᠬᠡᠢ ᠳ᠋ᠦ᠍ ᠮᠢᠨᠢ
ᠵᠠᠭᠤᠨ ᠵᠢᠷᠦᠬᠡ ᠲᠡᠮᠡᠦᠯᠦᠭᠡ ᠶᠤᠮ ᠪᠢᠵᠡ
ᠨᠠᠢᠵᠠ ᠠ᠋ᠴᠠ ᠮᠢᠨᠢ ᠬᠣᠢᠰᠢ
ᠶᠡᠷᠡᠨ ᠶᠢᠰᠦ ᠨᠢ ᠰᠢᠷᠬᠠᠯᠠᠬᠤ ᠶᠤᠮ ᠪᠢᠵᠡ 》
ᠬᠡᠨᠲᠡᠢ ᠶ᠋ᠢᠨ ᠳᠤᠮᠳᠠᠳᠤ ᠰᠤᠷᠭᠠᠭᠤᠯᠢ ᠶ᠋ᠢᠨ
ᠬᠡ ᠥᠬᠡᠢ ᠨᠠᠢᠵᠠ ᠮᠢᠨᠢ ᠬᠡᠯᠡᠭᠰᠡᠨ ᠰᠠᠨ
ᠵᠠᠶᠠᠭᠠᠨ ᠤ᠋ ᠪᠠᠨ ᠣᠷᠭᠢᠯ ᠢ᠋ ᠪᠠᠢᠯᠳᠤᠨ ᠡᠵᠡᠯᠡᠬᠦ
ᠵᠠᠮ ᠢ᠋ᠶ᠋ᠠᠨ ᠲᠡᠨᠳᠡ ᠡᠴᠡ ᠡᠬᠢᠯᠡᠭᠰᠡᠨ ᠰᠠᠨ ᠃
ᠬᠠᠷᠢᠨ ᠪᠢ ᠪᠤᠷᠢᠶᠠᠳ ᠪᠢᠰᠢ ᠠ᠋
ᠬᠠᠯᠬ᠎ᠠ ᠪᠣᠷᠵᠢᠭᠢᠨ ᠤ᠋ ᠦᠷ᠎ᠡ ᠰᠠᠲᠤ
ᠬᠠᠶᠠᠭ᠎ᠠ ᠨᠢ ᠠᠯᠳᠠᠷᠠᠬᠤ ᠲᠠᠯ᠎ᠠ ᠶ᠋ᠢᠨ ᠲᠡᠷᠲᠡᠭᠡ
ᠬᠠᠵᠠᠭᠠᠷᠲᠤ ᠮᠣᠷᠢᠨ ᠳᠡᠭᠡᠷ᠎ᠡ ᠥᠰᠦᠭᠰᠡᠨ ᠬᠡᠦᠬᠡᠳ ᠠ᠋ ᠃
ᠲᠣᠭᠯᠠᠨ ᠳᠡᠪᠬᠡᠴᠡᠬᠦ ᠪᠢᠴᠢᠬᠠᠨ ᠬᠥᠯ ᠳ᠋ᠡᠭᠡᠨ
ᠲᠣᠨᠣᠭᠲᠤ ᠪᠣᠢᠲᠣᠭ ᠡᠮᠦᠰᠦᠭᠡ ᠦᠭᠡᠢ
ᠴᠠᠩᠬᠠᠭᠠᠯᠠᠵᠤ ② ᠥᠰᠦᠭᠰᠡᠨ ᠲᠣᠯᠣᠭᠠᠢ ᠳᠡᠭᠡᠷ᠎ᠡ ᠪᠡᠨ
ᠴᠠᠴᠤᠭᠲᠤ ᠮᠠᠯᠠᠭᠠᠢ ᠲᠠᠯᠪᠢᠭ᠎ᠠ ᠦᠭᠡᠢ
ᠪᠢ ᠥᠪᠡᠷ ᠢ᠋ᠶ᠋ᠡᠨ ᠪᠤᠷᠢᠶᠠᠳ ᠪᠢᠰᠢ ᠠ᠋
ᠪᠢᠰᠢᠭᠦᠢ ᠳ᠋ᠡᠭᠡᠨ ᠯᠡ ᠣᠯᠠᠨ ᠤᠳᠠᠭ᠎ᠠ
ᠪᠢᠨᠳᠡᠷ ᠂ ᠲᠠᠲᠠᠯ ᠂ ᠪᠠᠲᠤᠱᠢᠷᠡᠭᠡᠲᠦ᠍ ᠶ᠋ᠢᠨ
ᠪᠢᠴᠢᠬᠠᠨ ᠪᠤᠷᠢᠶᠠᠳ ᠬᠥᠪᠡᠭᠦᠳ ᠲᠡᠢ
ᠬᠡᠨᠲᠡᠢ ᠶ᠋ᠢᠨ ᠰᠤᠷᠭᠠᠭᠤᠯᠢ ᠶ᠋ᠢᠨ ᠳᠣᠪᠣᠨ ᠳᠡᠭᠡᠷ᠎ᠡ
ᠬᠡᠮᠬᠡ ᠨᠠᠨᠴᠢᠯᠳᠤᠵᠤ ᠥᠰᠦᠭᠰᠡᠨ ᠬᠡᠦᠬᠡᠳ ᠠ᠋ ᠃
ᠢᠯᠠᠭ᠎ᠠ ᠴᠤ᠌ ᠦᠭᠡᠢ ᠢᠯᠠᠭᠳᠠᠭ᠎ᠠ ᠴᠤ᠌ ᠦᠭᠡᠢ
ᠶᠠᠭᠠᠮᠠᠢ ᠲᠡᠷᠡ ᠨᠢ ᠬᠠᠮᠢᠶ᠎ᠠ ᠲᠠᠢ ᠴᠤ᠌ ᠪᠢᠰᠢ
ᠪᠤᠷᠢᠶᠠᠳ ᠭᠡᠳᠡᠭ ᠴᠢᠨᠢ ᠬᠡᠨ ᠪᠣᠢ ᠭᠡᠳᠡᠭ ᠢ᠋
ᠪᠤᠷᠤᠭᠤ ᠪᠢᠰᠢ ᠵᠥᠪ ᠢ᠋ᠶ᠋ᠡᠷ ᠨᠢ ᠲᠠᠨᠢᠭᠰᠠᠨ
ᠳᠠᠭᠤ ᠲᠠᠢ ᠱᠣᠣ ᠲᠠᠢ ᠲᠡᠷᠡ ᠵᠢᠯ ᠦ᠋ᠳ ᠮᠢᠨᠢ
ᠳᠤᠮᠳᠠᠳᠤ ᠰᠤᠷᠭᠠᠭᠤᠯᠢ ᠠ᠋ᠴᠠ ᠴᠤ᠌ ᠢᠯᠡᠭᠦᠦ ᠰᠠᠨᠠᠭᠳᠠᠨ᠎ᠠ ᠃
ᠬᠢᠮᠢ ᠂ ᠹᠢᠽᠢᠺ ᠂ ᠠᠯᠭᠧᠪᠷᠠ ᠂ ᠭᠧᠣᠮᠧᠲ᠋ᠷᠢ ᠶ᠋ᠢᠨ
ᠬᠡᠴᠡᠭᠦᠦ ᠲᠣᠮᠢᠶ᠎ᠠ ᠨᠤᠭᠤᠳ ᠢ᠋ᠶ᠋ᠠᠷ ᠶᠠᠭᠠᠬᠢᠬᠤ ᠶᠤᠮ ᠪᠣᠢ ?
ᠬᠡᠷᠦᠯᠦᠨ ᠂ ᠬᠡᠨᠲᠡᠢ ᠬᠣᠶᠠᠷ ᠤ᠋ᠨ ᠵᠠᠪᠰᠠᠷ ᠲᠤ᠌
ᠬᠡᠨ ᠲᠡᠢ ᠨᠥᠬᠥᠷᠯᠡᠬᠦ ᠪᠡᠨ ᠮᠡᠳᠡᠪᠡᠯ ᠪᠣᠯᠤᠭ᠎ᠠ ᠪᠢᠰᠢ ᠤᠤ ?
ᠬᠠᠯᠬ᠎ᠠ ᠬᠥᠮᠦᠨ ᠦ᠌ ᠪᠦᠳᠦᠭᠦᠨ ᠪᠠᠷᠤᠭ ᠠᠮᠢᠳᠤᠷᠠᠯ ᠳ᠋ᠤ᠌
ᠬᠠᠯᠪᠠᠭ᠎ᠠ ᠱᠥᠯᠥ ᠡᠴᠡ ᠢᠯᠡᠭᠦᠦ ᠦᠨ᠎ᠡ ᠦᠭᠡᠢ
ᠪᠤᠷᠤᠭᠤ ᠨᠣᠮ ᠤ᠋ᠨ ᠦᠰᠦᠭ ᠢ᠋ᠶ᠋ᠡᠷ ᠮᠡᠳᠡᠷᠡᠯ ᠢ᠋ᠶ᠋ᠡᠨ ᠨᠦᠳᠦᠭᠦᠯᠦᠭᠰᠡᠨ ᠡᠴᠡ
ᠪᠤᠷᠢᠶᠠᠳ ᠨᠢᠳᠤᠷᠭ᠎ᠠ ᠪᠠᠷ ᠬᠠᠮᠠᠷ ᠢ᠋ᠶ᠋ᠠᠨ ᠨᠦᠳᠦᠭᠦᠯᠦᠭᠰᠡᠨ ᠨᠢ
ᠠᠯᠤᠰ ᠲᠠᠭᠠᠨ ᠳᠡᠭᠡᠷ᠎ᠡ ᠪᠠᠢᠭᠰᠠᠨ ᠶᠤᠮ ᠂ ᠨᠡᠭᠡᠷᠡᠨ ᠰᠢᠦ ᠃
ᠠᠮᠢᠳᠤᠷᠠᠯ ᠭᠡᠳᠡᠭ ᠴᠢᠨᠢ ᠨᠣᠮ ᠪᠢᠰᠢ ᠰᠢᠦ ᠳᠡ ᠃
ᠠᠯᠳᠠᠩᠬᠠᠨ ᠤᠨᠤᠨ ᠤ᠋ ᠪᠤᠷᠢᠶᠠᠳ ᠪᠠᠰᠠᠭᠠᠨ ᠳ᠋ᠤ᠌
ᠠᠯᠭᠧᠪᠷᠠ ᠪᠠᠷ ᠵᠠᠬᠢᠶ᠎ᠠ ᠪᠢᠴᠢᠬᠦ ᠦᠭᠡᠢ ᠰᠢᠦ ᠳᠡ ᠃
ᠬᠠᠢᠷᠠᠲᠠᠢ ᠵᠢᠭᠠᠬᠠᠨ ᠰᠧᠮᠵᠢᠤᠬᠡᠢ ᠶ᠋ᠢ ᠮᠢᠨᠢ ᠲᠥᠷᠥᠭᠦᠯᠦᠭᠰᠡᠨ
ᠬᠠᠯᠠᠭᠤᠨ ᠡᠯᠢᠭᠡᠨ ᠪᠤᠷᠢᠶᠠᠳ ᠵᠤᠨ
ᠬᠠᠨ ᠬᠡᠨᠲᠡᠢ ᠂ ᠤᠨᠤᠨ ᠂ ᠬᠤᠷᠬ᠎ᠠ ᠶ᠋ᠢᠨ
ᠬᠠᠲᠠᠭᠤ ᠰᠠᠬᠢᠭᠤᠰᠤ ⎯ ᠊ᠪᠤᠷᠢᠶᠠᠳ ᠵᠤᠨ
ᠨᠠᠭᠠᠯᠳᠤᠵᠤ ᠳᠠᠰᠬᠤ ᠦᠭᠡᠢ ᠴᠡᠷᠪᠡᠭᠦᠦ ᠶᠠᠪᠤᠪᠠᠯ
ᠨᠠᠨᠴᠢᠯᠳᠤᠬᠤᠪ ᠭᠡᠳ ᠥᠷᠥᠵᠦ ᠴᠦ᠍ ᠮᠡᠳᠡᠨ᠎ᠡ
ᠬᠤᠤᠳᠤᠤ ᠭᠠᠷᠭᠠᠵᠤ ᠬᠤᠨᠳᠠᠭ᠎ᠠ ᠵᠠᠯᠢᠯᠠᠪᠠᠯ
ᠬᠢᠲᠤᠭᠠᠯᠠᠬᠤᠪ ᠭᠡᠳ ᠲᠥᠷᠥᠵᠦ ᠴᠦ᠍ ᠮᠡᠳᠡᠨ᠎ᠡ ᠃
ᠵᠠᠩ ᠢ᠋ ᠨᠢ ᠮᠡᠳᠡᠬᠦ ᠦᠭᠡᠢ ᠰᠣᠨᠢᠭᠤᠴᠢ ᠬᠥᠮᠦᠨ ᠳ᠋ᠦ᠍
ᠵᠠᠢᠳᠠᠭᠤ ᠭᠠᠵᠠᠷ ᠠ᠋ᠴᠠ ᠰᠣᠨᠵᠢᠨ ᠬᠠᠷᠠᠪᠠᠯ
ᠲᠣᠰᠣᠨ ᠪᠣᠳᠣᠭ ᠢ᠋ᠶ᠋ᠠᠷ ᠤᠷ᠎ᠠ ᠮᠠᠭᠤᠲᠠᠢᠬᠠᠨ
ᠲᠣᠪᠰᠢᠵᠤ ᠵᠢᠷᠤᠭᠰᠠᠨ ᠵᠢᠷᠤᠭ ᠰᠢᠭ᠋
ᠳᠡᠪᠡᠯ ᠦ᠋ᠨ ᠢ᠋ᠶ᠋ᠡᠨ ᠠᠷᠤ ᠶ᠋ᠢ ᠭᠠᠭᠴᠠ ᠨᠤᠭᠤᠯᠵᠤ
ᠳᠡᠷᠭᠡᠷ ᠰᠣᠷᠣᠨ ᠪᠦᠰᠡ ᠪᠦᠰᠡᠯᠡᠵᠦ
ᠳᠡᠷᠪᠡᠭᠡᠷ ᠰᠢᠯᠢ ᠲᠡᠢ ᠱᠣᠪᠣᠭᠣᠷ ᠮᠠᠯᠠᠭᠠᠢ ᠡᠮᠦᠰᠦᠭᠰᠡᠨ ᠨᠢ
ᠳᠡᠷᠡᠰᠦᠨ ᠣᠪᠣᠬᠠᠢ ᠰᠢᠭ᠋ ᠬᠠᠷᠠᠭᠳᠠᠳᠠᠭ ᠪᠢᠵᠡ ᠃
ᠬᠣᠶᠠᠷ ᠭᠠᠷ ᠨᠢ ᠲᠡᠷᠭᠡᠨ ᠦ᠌ ᠮᠥᠭᠡᠷ ᠰᠢᠭ
ᠬᠣᠯᠠᠭᠤᠷ ᠳᠤᠭᠤᠢᠷᠠᠵᠤ ᠪᠡᠭᠡᠯᠡᠢ ᠨᠢ ᠤᠨᠵᠢᠭᠠᠳ
ᠭᠦᠮ ᠦ᠋ᠨ ᠭᠤᠲᠤᠯ ᠢ᠋ᠶ᠋ᠠᠨ ᠭᠠᠳᠠᠭᠰᠢ ᠨᠢ ᠢᠰᠬᠦᠯᠵᠦ
ᠬᠥᠪᠡᠭᠡ ᠲᠡᠢ ᠮᠥᠷ ᠢ᠋ᠶ᠋ᠡᠨ ᠦᠯᠡᠳᠡᠭᠡᠵᠦ ᠠᠯᠬᠤᠬᠤ ᠶ᠋ᠢ
ᠬᠠᠲᠠᠭᠤ ᠮᠠᠬᠤᠭᠤᠷ (ᠲᠠᠮᠠᠬᠢ) ᠬᠠᠭᠤᠷᠠᠢ ᠵᠠᠵᠢᠯᠵᠤ
ᠬᠠᠶᠠᠭᠰᠠᠨ ᠰᠢᠯᠦᠰᠦ ᠨᠢ ᠰᠢᠷᠠᠯᠠᠵᠤ ᠬᠣᠴᠣᠷᠬᠤ ᠶ᠋ᠢ
ᠡᠨᠳᠡ ᠲᠡᠨᠳᠡ ᠬᠠᠷᠠᠭᠰᠠᠨ ᠲᠡᠳᠦᠢ ᠪᠡᠷ
ᠡᠨᠳᠡᠭᠦᠦ ᠬᠤᠤᠳᠤᠤ ᠳ᠋ᠦᠩᠨᠡᠵᠦ ᠪᠣᠯᠬᠤ ᠦᠭᠡᠢ
ᠡᠯ ᠬᠣᠯ ᠬᠥᠪᠴᠢ ᠶ᠋ᠢᠨ ᠡᠵᠡᠨ ᠪᠣᠯᠤᠭᠰᠠᠨ
ᠡᠷᠡᠳᠡᠭᠦᠦ ᠲᠦᠮᠡᠨ ᠲᠡᠳᠡ ᠨᠠᠷ ᠮᠥᠨ ᠃
ᠪᠠᠯᠲᠠ ᠰᠦᠬᠡ ᠪᠡᠨ ᠭᠡᠷ ᠡᠴᠡ ᠨᠢ ᠠᠪᠴᠤ
ᠪᠡᠪᠡᠢᠭᠰᠡᠨ ᠰᠠᠬᠠᠯ ᠢ᠋ᠶ᠋ᠠᠨ ᠨᠢᠭᠡ ᠰᠢᠪᠳᠤᠷᠴᠤ᠌
ᠪᠠᠷᠪᠠᠢᠭᠰᠠᠨ ᠠᠯᠠᠭᠠᠨ ᠳ᠋ᠠᠭᠠᠨ ᠬᠡᠳᠦ ᠨᠤᠯᠮᠤᠭᠰᠠᠨ ᠢ᠋ᠶ᠋ᠠᠨ
ᠪᠠᠷᠠᠭᠤᠨ ᠬᠥᠯ ᠦ᠋ᠨ ᠭᠡᠳᠡᠷᠭᠦ ᠨᠢ ᠭᠢᠰᠬᠢᠵᠦ
ᠠᠭᠠᠵᠢᠭᠤᠬᠠᠨ ᠳᠠᠯᠠᠢᠭᠰᠠᠨ ᠬᠦᠳᠡᠷ ᠡᠷ᠎ᠡ ᠶ᠋ᠢᠨ
ᠠᠯᠮᠠᠩ ᠰᠠᠷᠠ ᠱᠢᠭ᠋ ᠰᠦᠬᠡᠨ ᠢᠷ
ᠠᠭᠠᠷ ᠲᠡᠭᠷᠢ ᠶ᠋ᠢ ᠵᠦᠰᠦᠨ ᠪᠠᠭᠤᠵᠤ
ᠠᠷᠤ ᠶ᠋ᠢᠨ ᠮᠣᠳᠣᠨ ᠳ᠋ᠤ᠌ ᠴᠤᠤᠷᠠᠢ ᠬᠠᠲᠠᠵᠤ
ᠬᠠᠷ᠎ᠠ ᠮᠣᠳᠣᠨ ᠤ᠋ ᠳᠦᠩᠭᠢᠨᠡᠭᠰᠡᠨ ᠪᠡᠶ᠎ᠡ ᠳ᠋ᠦ᠍
ᠬᠠᠭᠠᠰ ᠰᠥᠭᠥᠮ ᠰᠢᠭᠢᠳᠬᠦ ᠴᠡᠴᠠᠭᠤ
ᠬᠦᠴᠦ ᠠᠯᠳᠠᠷᠠᠬᠤ ᠲᠤᠩᠭᠠᠯᠠᠭ ᠳᠠᠪᠠᠷᠬᠠᠢ ᠪᠠᠷ
ᠬᠥᠮᠦᠨ ᠦ᠌ ᠡᠮᠦᠨ᠎ᠡ ᠪᠠᠢᠭᠠᠯᠢ ᠤᠬᠢᠯᠠᠨ᠎ᠠ ᠃
ᠠᠭᠯᠠᠭ ᠠᠭᠤᠯᠠᠨ ᠳ᠋ᠤ᠌ ᠮᠣᠳᠣ ᠪᠠᠷ ᠪᠡᠯᠡᠳᠦᠭᠰᠡᠨ
ᠠᠵᠢᠯᠰᠠᠭ ᠪᠤᠷᠢᠶᠠᠳ ᠤ᠋ᠨ ᠥᠮᠪᠥᠭᠦᠯ ③ ᠣᠷᠤᠴᠠᠨ ᠳ᠋ᠤ᠌
ᠠᠭᠠᠭ ᠲᠠᠢ ᠴᠠᠢ ᠰᠣᠣᠲᠠ ᠲᠠᠢ ᠶᠣᠫᠤᠣᠰᠢᠭ ④ ᠢ᠋ ᠨᠢ
ᠠᠮᠲᠠᠯᠠᠨ ᠰᠠᠭᠤᠬᠤ ᠨᠢᠭᠡᠨ ᠵᠢᠷᠭᠠᠯ ᠠ᠋
ᠵᠤᠨ ᠤ᠋ ᠲᠡᠭᠷᠢ ᠬᠤᠷ᠎ᠠ ᠪᠠᠨ ᠲᠠᠲᠠᠵᠤ
ᠵᠤᠭ᠎ᠠ ᠲᠠᠢ ᠴᠡᠴᠡᠭ ᠦ᠋ᠨ ᠲᠣᠭᠣᠰᠣ ᠳᠡᠭᠳᠡᠬᠦ
ᠬᠠᠳᠤᠯᠠᠩ ᠤ᠋ᠨ ᠴᠠᠭ ᠲᠤ᠌ ᠨᠠᠷᠠ ᠬᠥᠮᠦᠨ ᠬᠣᠶᠠᠷ
ᠬᠠᠯᠠᠭᠤᠨ ᠢ᠋ᠶ᠋ᠠᠨ ᠪᠤᠯᠢᠶᠠᠯᠳᠤᠨ ᠲᠤᠯᠭᠠᠷᠠᠵᠤ ᠪᠠᠢᠳᠠᠭ
ᠬᠠᠯᠢᠭᠤᠷᠠᠭᠰᠠᠨ ᠡᠪᠡᠰᠦ ᠲᠡᠢ ᠴᠡᠩᠬᠡᠷ ᠲᠠᠯ᠎ᠠ ᠳ᠋ᠤ᠌
ᠬᠠᠨᠠᠷᠠᠭᠰᠠᠨ ᠵᠢᠭᠰᠠᠭᠠᠯ ᠴᠡᠩᠴᠠᠷᠠᠨ ᠲᠠᠪᠰᠢᠵᠤ
ᠬᠠᠳᠤᠭᠤᠷ ᠤ᠋ᠳ ᠬᠠᠭᠠᠰ ᠭᠣᠷᠲᠢᠭ ᠲᠠᠲᠠᠵᠤ
ᠬᠠᠨᠠᠷᠠᠭᠰᠠᠨ ᠮᠥᠷ ᠭᠦᠪᠦᠢᠨ ᠦᠯᠡᠳᠡᠨ᠎ᠡ ᠃
ᠨᠠᠷᠠᠨ ᠤ᠋ ᠰᠠᠴᠤᠷᠠᠭ ᠱᠤᠭᠤᠮ ᠳ᠋ᠤ᠌ ᠪᠢᠴᠢᠭᠰᠡᠨ
ᠨᠠᠢ᠍ᠮᠠᠲᠤ ᠶ᠋ᠢᠨ ᠵᠠᠳᠠᠭᠠᠢ ᠨᠣᠲ ᠤ᠋ᠳ ᠰᠢᠭ᠋
ᠬᠠᠷ᠎ᠠ ᠨᠣᠭᠣᠭᠠᠨ ᠪᠤᠬᠠᠯ ᠤ᠋ᠳ ᠢᠷᠠᠢᠵᠤ
ᠬᠠᠩᠬᠠᠷ ᠲᠣᠮᠣ ᠨᠢᠷᠤᠭᠤ ᠨᠤᠭᠤᠳ ᠥᠨᠳᠡᠢᠬᠦ ᠳ᠋ᠦ᠍
ᠰᠡᠷᠪᠡᠭᠡ ᠰᠠᠢᠲᠠᠢ ᠪᠤᠷᠢᠶᠠᠳ ᠡᠷᠡᠴᠦᠳ
ᠰᠡᠷᠡᠭᠡ ᠪᠠᠷᠢᠵᠤ ᠡᠪᠡᠰᠦ ᠱᠣᠷᠣᠳᠠᠨ᠎ᠠ ᠃
ᠪᠦᠳᠦᠭᠦᠨ ᠤᠯᠠᠭᠠᠨ ᠰᠠᠮᠠᠭᠠᠳ ᠨᠢ
ᠪᠦᠲᠦᠨ ᠪᠣᠭᠠᠯ ᠢ᠋ ᠡᠷᠭᠦᠬᠦ ᠳᠥᠭᠥᠨ᠎ᠡ ᠃
ᠣᠷᠣᠢ ᠪᠣᠯᠬᠤ ᠳ᠋ᠤ᠌ ᠭᠠᠵᠠᠷ ᠵᠤᠤᠬᠠᠨ ᠠ᠋ᠴᠠ
ᠣᠯᠤᠭᠤᠢᠳᠬᠤ ᠤᠲᠤᠭ᠎ᠠ ᠪᠠᠷ ᠴᠠᠢ ᠬᠠᠩᠬᠤᠯᠤᠨ᠎ᠠ ᠃
ᠥᠪᠡᠷᠰᠡᠳ ᠦ᠋ᠨ ᠪᠠᠷᠢᠭᠰᠠᠨ ᠠᠮᠲᠠᠲᠠᠢ ᠲᠠᠯᠬᠠᠨ ᠳ᠋ᠤ᠌
ᠥᠳᠬᠡᠨ ᠰᠢᠷᠭᠠᠯ ᠵᠥᠭᠡᠬᠡᠢ ᠲᠦᠷᠬᠢᠨ᠎ᠡ ᠃
ᠬᠣᠵᠢᠭᠤᠬᠠᠨ ᠭᠠᠷᠤᠭᠰᠠᠨ ᠬᠣᠷᠢᠳ ᠤ᠋ᠨ ᠰᠠᠷᠠᠨ
ᠬᠣᠢᠷᠭᠣᠬᠠᠨ ᠶᠤᠮ ᠰᠢᠭ᠋ ᠮᠡᠯᠡᠷᠡᠵᠦ ᠪᠠᠢᠬᠤ ᠳ᠋ᠤ᠌
ᠮᠠᠢᠬᠠᠨ ᠤ᠋ ᠠᠮᠠᠨ ᠤ᠋ ᠬᠣᠶᠠᠷ ᠪᠠᠳᠠᠩ
ᠮᠠᠢᠭ᠎ᠠ ᠬᠥᠯ ᠰᠢᠭ ᠳᠤᠭᠤᠢᠷᠠᠵᠤ ᠪᠠᠢᠬᠤ ᠳ᠋ᠤ᠌
ᠬᠡᠳᠦᠢᠨ ᠤᠨᠲᠠᠭᠰᠠᠨ ᠲᠥᠭᠡᠳᠡ ᠶ᠋ᠢᠨ ᠬᠠᠮᠠᠷ
ᠬᠡᠳᠡᠭᠡᠨ᠎ᠡ ᠠᠳᠠᠯᠢ ᠳᠦᠩᠭᠢᠨᠡᠵᠦ ᠪᠠᠢᠬᠤ ᠳ᠋ᠤ᠌
ᠪᠡᠪᠡᠢ ᠶ᠋ᠢᠨ ᠭᠠᠩᠰᠠᠨ ᠤ᠋ ᠪᠣᠬᠢ ᠨᠢ ᠪᠤᠴᠠᠯᠤᠭᠠᠳ
ᠪᠠᠲᠠᠭᠠᠨ᠎ᠠ ᠠᠳᠠᠯᠢ ᠵᠢᠩᠭᠢᠨᠡᠵᠦ ᠪᠠᠢᠬᠤ ᠳ᠋ᠤ᠌
ᠰᠢᠭᠦᠳᠡᠷᠢ ᠪᠠᠭᠤᠭᠰᠠᠨ ᠨᠣᠭᠣᠭᠠᠨ ᠳᠡᠭᠡᠭᠦᠷ
ᠰᠡᠭᠦᠳᠡᠷ ᠠᠳᠠᠯᠢ ᠴᠢᠪ ᠴᠢᠮᠡᠭᠡ ᠦᠭᠡᠢ
ᠬᠠᠯᠠᠭᠤᠨ ᠰᠡᠳᠬᠢᠯᠲᠦ ᠨᠥᠮᠥᠭᠡᠨ ᠪᠠᠰᠠᠭᠠᠨ
ᠬᠠᠢᠷ᠎ᠠ ᠶ᠋ᠢᠨ ᠪᠣᠯᠵᠣᠭᠠᠨ ᠳ᠋ᠤ᠌ ᠭᠦᠶᠦᠭᠡᠳ ᠢᠷᠡᠨ᠎ᠡ ᠃
ᠬᠣᠶᠠᠷ ᠬᠥᠯ ᠦ᠋ᠨ ᠢ᠋ᠶ᠋ᠡᠨ ᠪᠦᠳᠦᠭᠦᠨ ᠰᠢᠯᠪᠢ ᠶ᠋ᠢ
ᠬᠣᠷᠮᠣᠢ ᠬᠣᠲᠠ ᠪᠠᠷ ᠢ᠋ᠶ᠋ᠠᠨ ᠣᠷᠢᠶᠠᠨ ᠰᠠᠭᠤᠵᠤ
ᠳᠤᠷ᠎ᠠ ᠪᠠᠨ ᠥᠭᠭᠦᠭᠰᠡᠨ ᠬᠥᠪᠡᠭᠦᠨ ᠦ᠌ ᠴᠡᠭᠡᠵᠢᠨ ᠳ᠋ᠦ᠍
ᠳᠤᠬᠤ ᠪᠠᠨ ᠨᠠᠭᠠᠵᠤ ᠡᠢᠨ ᠬᠦ ᠰᠢᠪᠡᠨᠡᠨ᠎ᠡ ᠃
《 ᠪᠤᠭᠤᠷᠤᠯᠬᠠᠨ ᠪᠡᠪᠡᠢ ᠮᠢᠨᠢ ᠤᠨᠲᠠᠨ᠎ᠠ ᠦᠭᠡᠢ ᠯᠡ ᠳᠡ
ᠪᠤᠴᠠᠯᠤᠭᠰᠠᠨ ᠲᠷᠦ᠋ᠪᠺᠡ ᠨᠢ ᠨᠠᠮᠵᠢᠨ᠎ᠠ ᠦᠭᠡᠢ ᠯᠡ ᠳᠡ
ᠪᠣᠰᠬᠤ ᠭᠡᠬᠦ ᠳ᠋ᠦ᠍ ᠮᠢᠨᠢ ᠪᠣᠯᠤᠨ᠎ᠠ ᠦᠭᠡᠢ ᠯᠡ ᠳᠡ
ᠪᠣᠷᠣᠬᠠᠨ ᠵᠢᠷᠦᠬᠡ ᠮᠢᠨᠢ ᠲᠡᠰᠦᠨ᠎ᠡ ᠦᠭᠡᠢ ᠯᠡ ᠳᠡ
ᠡᠢᠭᠡᠵᠦ ᠯᠡ ᠪᠢ ᠴᠢᠮ᠎ᠠ ᠳ᠋ᠠᠭᠠᠨ ᠢᠷᠡᠭᠡ ᠪᠣᠢ
ᠢᠷᠡᠬᠦ ᠯᠡ ᠭᠡᠵᠦ ᠪᠢ ᠵᠠᠭᠠᠯᠬ᠎ᠠ (ᠵᠠᠪᠠᠯ ) ᠢᠷᠡᠭᠡ ᠪᠣᠢ ᠃ 》
《 ᠠᠶ᠎ᠠ ᠂ ᠴᠢᠮ᠎ᠠ ᠳ᠋ᠠᠭᠠᠨ ᠠᠳᠠᠯᠢ ᠪᠠᠰᠠᠭᠠᠨ ᠢ᠋ ᠪᠢ
ᠤᠨᠤᠨ ᠬᠣᠲᠠ ᠪᠠᠷ ᠡᠷᠢᠭᠡᠳ ᠡᠷᠢᠭᠡᠳ
ᠣᠯᠬᠤ ᠦᠭᠡᠢ ᠪᠣᠢ ᠳᠠ 》 ᠭᠡᠵᠦ
ᠣᠮᠣᠭᠯᠠᠩ ᠵᠠᠯᠠᠭᠤ ᠰᠠᠨᠠᠭ᠎ᠠ ᠠᠯᠳᠠᠨ᠎ᠠ ᠃
ᠬᠥᠨᠳᠡᠢ ᠶ᠋ᠢᠨ ᠠᠳᠠᠭ ᠤᠷᠤᠭᠤ ᠬᠠᠳᠤᠯᠠᠩᠴᠢ ᠵᠠᠯᠠᠭᠤᠰ ᠤ᠋ᠨ
ᠬᠥᠭᠵᠢᠯᠲᠡᠢ ᠶᠣᠬᠣᠷ ᠤ᠋ᠨ ᠳᠠᠭᠤᠤ ᠬᠠᠳᠠᠨ᠎ᠠ ᠃
ᠪᠠᠷᠬ᠎ᠠ ᠬᠤᠷᠬ᠎ᠠ ᠶ᠋ᠢᠨ ᠬᠠᠳᠠᠨ ᠤᠷᠤᠰᠬᠠᠯ ᠢ᠋
ᠪᠢᠯᠬᠠᠷᠠᠵᠤ ᠦᠶᠡᠷᠯᠡᠲᠡᠯ᠎ᠡ ᠪᠥᠵᠢᠨ ᠬᠠᠲᠠᠷᠢᠨ᠎ᠠ ᠃
《 ᠥᠨᠳᠥᠷ ᠬᠠᠳᠠ ᠶ᠋ᠢᠨ ᠴᠠᠭᠠᠨᠠᠬᠢ
ᠦᠦᠷ ᠢ᠋ ᠴᠠᠢᠲᠠᠯ᠎ᠠ ᠬᠠᠲᠠᠷᠢᠶ᠎ᠠ ᠯᠠ
ᠦᠶ᠎ᠡ ᠳᠠᠩ ᠤ᠋ᠨ ᠵᠠᠯᠠᠭᠤᠴᠤᠳ
ᠵᠤᠭᠠᠯᠠᠩᠭᠦᠢ ᠶᠠᠭᠠᠬᠢᠬᠤ ᠮᠢᠨᠢ ᠨᠠᠢ ᠪᠣᠢ ᠃ 》
ᠨᠠᠷᠠᠰᠤᠨ ᠤ᠋ ᠱᠢᠯᠮᠦᠰᠦ ᠨᠠᠢᠭᠤᠨ ᠪᠥᠵᠢᠨ᠎ᠡ
ᠨᠠᠭᠠᠳᠤᠮ ᠵᠤᠭ᠎ᠠ ᠲᠡᠳᠡᠨ ᠢ᠋ ᠳᠠᠭᠤᠳᠠᠨ᠎ᠠ ᠃
ᠨᠡᠷᠬᠢᠶᠠᠨᠳᠠᠢᠬᠠᠨ ᠲᠣᠯᠬᠢᠶᠠᠲᠠᠢᠬᠠᠨ
ᠡᠨᠡ ᠯᠡ ᠪᠤᠷᠢᠶᠠᠳ ᠭᠡᠭᠴᠢ ᠬᠡᠨ ᠪᠣᠢ
ᠴᠠᠭᠠᠨ ᠰᠠᠷ᠎ᠠ ᠪᠠᠷ ᠡᠬᠡᠨᠡᠷ ᠬᠡᠦᠬᠡᠳ ᠦ᠋ᠳ ᠨᠢ
ᠴᠠᠩᠭᠢᠨᠠᠲᠠᠯ᠎ᠠ ᠳᠠᠭᠤᠯᠠᠵᠤ ᠪᠥᠭᠡᠮ ᠪᠥᠭᠡᠮ ᠢ᠋ᠶ᠋ᠡᠷ ᠢ᠋ᠶ᠋ᠡᠨ
ᠦᠦᠷ ᠴᠠᠢᠲᠠᠯ᠎ᠠ ᠠᠢᠯ ᠢ᠋ᠶ᠋ᠠᠷ ᠨᠠᠷᠭᠢᠵᠤ
ᠦᠬᠡᠷ ᠦ᠋ᠨ ᠬᠠᠯᠠᠭᠤᠨ ᠨᠡᠷᠡᠮᠡᠯ ᠤᠤᠭᠤᠳᠠᠭ
ᠤᠷᠠᠨ ᠴᠠᠭᠠᠨ ᠬᠤᠷᠤᠭᠤ ᠪᠠᠷ ᠢ᠋ᠶ᠋ᠠᠨ
ᠤᠲᠠᠰᠤ ᠡᠭᠡᠷᠡᠵᠦ ᠣᠢᠮᠣᠰᠤ ᠨᠡᠬᠡᠳᠡᠭ
ᠤᠤᠭᠤᠵᠤ ᠨᠠᠷᠭᠢᠬᠤ ᠳ᠋ᠠᠭᠠᠨ ᠬᠡᠦᠬᠡᠨ ᠨᠦ᠍ᠭᠦᠳ ᠨᠢ ᠪᠡᠷᠬᠡ
ᠤᠭ ᠤ᠋ᠨ ᠪᠤᠷᠢᠶᠠᠳ ᠭᠡᠭᠴᠢ ᠬᠡᠨ ᠪᠣᠢ ?
ᠠᠯᠳᠠᠩᠬᠠᠨ ᠲᠠᠢᠭ᠎ᠠ ᠶ᠋ᠢᠨ ᠠᠷᠤ ᠰᠢᠯᠢ ᠶ᠋ᠢ
ᠠᠩᠴᠢᠨ ᠤ᠋ ᠨᠢᠳᠦ ᠪᠡᠷ ᠳᠤᠷᠠᠨ ᠰᠢᠭ᠋ ᠬᠠᠷᠠᠵᠤ
ᠢᠳᠡᠷ ᠶᠢᠰᠦ ᠪᠡᠷ ᠬᠦᠷᠡᠩ ᠪᠠᠭᠠᠪᠠᠭᠠᠢ ᠶ᠋ᠢ
ᠢᠴᠡᠭᠡᠨ ᠳᠡᠭᠡᠷ᠎ᠡ ᠡᠴᠡ ᠨᠢ ᠵᠠᠩᠭᠠᠳᠠᠨ ᠳᠠᠷᠤᠳᠠᠭ
ᠪᠠᠷᠭᠤᠵᠢᠨ ᠤ᠋ ᠬᠡᠷᠡᠮᠦ ᠂ ᠳᠠᠭᠤᠷ ᠤ᠋ᠨ ᠰᠤᠪᠤᠳ
ᠪᠠᠢᠭᠠᠯᠢ ᠶ᠋ᠢᠨ ᠪᠤᠯᠠᠭ᠎ᠠ ᠂ ᠢᠷᠠᠭᠤ ᠶ᠋ᠢᠨ ᠬᠠᠨᠳᠠᠭᠠᠢ ᠪᠠᠷ
ᠪᠠᠬᠠᠷᠬᠠᠨ ᠳᠠᠭᠤᠯᠠᠬᠤ ᠠᠩᠴᠢᠳ ᠢ᠋ ᠲᠥᠷᠥᠭᠦᠯᠦᠭᠰᠡᠨ
ᠡᠨᠡ ᠪᠤᠷᠢᠶᠠᠳ ᠭᠡᠭᠴᠢ ᠬᠡᠨ ᠪᠣᠢ
ᠪᠠᠢᠭᠠᠯᠢ ᠳᠠᠯᠠᠢ ᠪᠠᠷ ᠨᠤᠲᠤᠭ ᠲᠠᠢ ᠯᠠ ᠭᠡᠳᠡᠭ
ᠪᠠᠷᠭᠤᠵᠢᠨ ᠳᠥᠭᠥᠮ ᠡᠴᠡ ᠭᠠᠷᠤᠯ ᠲᠠᠢ ᠯᠠ ᠭᠡᠳᠡᠭ
ᠪᠠᠶᠠᠯᠢᠭ ᠲᠡᠦᠬᠡ ᠶ᠋ᠢᠨ ᠡᠷᠲᠡᠨ ᠦ᠌ ᠪᠢᠴᠢᠭ ᠦ᠋ᠳ ᠲᠦ᠍
ᠪᠠᠯᠠᠷ ᠣᠢ ᠶ᠋ᠢᠨ ᠢᠷᠭᠡᠳ ᠭᠡᠳᠡᠭ
ᠵᠠᠩᠰᠢᠯ ᠨᠢ ᠰᠣᠳᠣᠨ ᠂ ᠪᠠᠢᠳᠠᠯ ᠨᠢ ᠰᠣᠨᠢᠨ
ᠵᠠᠩ ᠨᠢ ᠡᠷᠡᠰᠢᠭᠦᠳ ᠂ ᠰᠡᠳᠬᠢᠯ ᠨᠢ ᠴᠠᠭᠠᠨ
ᠵᠠᠶᠠᠭᠠᠨ ᠤ᠋ ᠡᠨᠡ ᠪᠤᠷᠢᠶᠠᠳ ᠵᠤᠨ
ᠲᠡᠦᠬᠡ ᠶ᠋ᠢᠨ ᠪᠡᠷᠬᠡ ᠳ᠋ᠦ᠍ ᠡᠭᠦᠰᠦᠭᠰᠡᠨ ᠪᠢᠯᠡ ᠃
ᠤᠮᠠᠷ᠎ᠠ ᠵᠦᠭ ᠦ᠋ᠨ ᠶᠠᠩ ᠬᠥᠪᠴᠢ ᠳ᠋ᠦ᠍
ᠤᠷᠭᠤᠭᠰᠠᠨ ᠤᠳᠤᠮ ᠂ ᠲᠣᠷᠨᠢᠭᠰᠠᠨ ᠤᠭᠰᠠᠭ᠎ᠠ
ᠤᠬᠢᠯᠠᠭᠰᠠᠨ ᠤᠶᠠᠩᠭ᠎ᠠ ᠂ ᠳᠠᠭᠤᠯᠠᠭᠰᠠᠨ ᠳᠠᠭᠤᠤ
ᠤᠷᠤᠰᠤᠭᠰᠠᠨ ᠴᠢᠰᠤ ᠂ ᠳᠤᠰᠤᠯᠠᠭᠰᠠᠨ ᠬᠥᠯᠥᠰᠥ
ᠶᠡᠺᠦᠳ᠋ ᠂ ᠳᠤᠸᠠ ᠶ᠋ᠢᠨ ᠴᠢᠰᠤ ᠬᠣᠯᠢᠯᠳᠤᠵᠤ
ᠶᠠᠭᠠᠬᠢᠭᠠᠳ ᠲᠦᠩᠭᠦᠰ ᠬᠠᠮᠢᠨᠠᠭᠠᠨ ᠪᠣᠯᠵᠤ
ᠶᠠᠮᠠᠷ ᠤᠴᠢᠷ ᠠ᠋ᠴᠠ ᠪᠠᠷᠭᠤ ᠨᠤᠭᠤᠳ ᠲᠠᠰᠤᠷᠠᠵᠤ
ᠶᠠᠪᠤᠳᠠᠯ ᠨᠡᠭᠦᠳᠡᠯ ᠡᠭᠦᠰᠦᠨ ᠥᠩᠭᠡᠷᠡᠭᠰᠡᠨ ᠢ᠋
ᠬᠠᠲᠠᠭᠤ ᠵᠢᠯ ᠦ᠋ᠳ ᠦ᠋ᠨ ᠠᠮᠢᠳᠤ ᠭᠡᠷᠡᠴᠢ
ᠬᠠᠰᠢᠷ ᠪᠡᠪᠡᠢ ᠨᠠᠷ ᠬᠦᠦᠷᠨᠢᠨ᠎ᠡ ᠤᠤ ᠭᠡᠬᠦ ᠡᠴᠡ
ᠬᠠᠳᠠᠮ ᠤ᠋ᠨ ᠠᠶᠠᠰ ᠢ᠋ᠶ᠋ᠠᠷ ᠵᠢᠯᠣᠭᠣ ᠲᠠᠲᠠᠭᠰᠠᠨ
ᠬᠠᠯᠬ᠎ᠠ ᠶ᠋ᠢᠨ ᠲᠡᠦᠬᠡᠴᠢᠳ ᠮᠡᠳᠡᠬᠦ ᠶ᠋ᠢᠨ ᠠᠷᠭ᠎ᠠ ᠦᠭᠡᠢ
ᠠᠳᠤᠭᠤ ᠮᠠᠯ ᠤ᠋ᠨ ᠪᠡᠯᠴᠢᠭᠡᠷ ᠳᠠᠭᠠᠵᠤ
ᠠᠮᠲᠤ (ᠭᠠᠵᠠᠷ ᠤ᠋ᠨ ᠨᠡᠷ᠎ᠡ )ᠲᠥᠪᠡᠳ ᠦ᠋ᠨ ᠤᠩᠰᠢᠯᠭ᠎ᠠ ᠴᠡᠭᠡᠵᠢᠯᠡᠵᠦ
ᠠᠷᠪᠠᠨ ᠳᠣᠯᠣᠭ᠎ᠠ ᠠ᠋ᠴᠠ ᠬᠤᠷᠢᠳᠠᠬᠢ ᠵᠠᠭᠤᠨ ᠳ᠋ᠤ᠌
ᠠᠨᠢᠭᠠᠰᠤᠲᠠᠢ ᠢᠷᠡᠭᠰᠡᠨ ᠬᠠᠯᠬ᠎ᠠ ᠲᠦᠮᠡᠨ ᠳ᠋ᠦ᠍
ᠡᠬᠡ ᠳᠡᠯᠡᠬᠡᠢ ᠶ᠋ᠢᠨ ᠰᠣᠶᠣᠯ ᠠ᠋ᠴᠠ ᠡᠮᠲᠡᠯᠡᠵᠦ᠍
ᠡᠨᠡ ᠪᠤᠷᠢᠶᠠᠳ ᠤ᠋ᠳ ᠡᠭᠦᠷᠴᠦ ᠢᠷᠡᠭᠰᠡᠨ ᠶᠤᠮ ᠃
ᠣᠶᠣᠳᠠᠯ ᠲᠠᠭᠠᠷᠠᠤ ᠳᠠᠩᠰᠠᠷᠠᠩ ᠳᠡᠪᠡᠯ ᠳ᠋ᠡᠭᠡᠨ
ᠣᠷᠣᠰ ᠬᠡᠯᠡ ᠶ᠋ᠢ ᠡᠪᠦᠷᠯᠡᠵᠦ ᠢᠷᠡᠭᠰᠡᠨ ᠶᠤᠮ ᠃
ᠪᠠᠷᠠᠭᠠᠨ ᠲᠣᠭᠣᠨᠣ ᠲᠠᠢ ᠭᠦᠮ ᠦ᠋ᠨ ᠭᠤᠲᠤᠯ ᠢ᠋ᠶ᠋ᠠᠷ
ᠪᠠᠯᠠᠷ ᠤ᠋ᠨ ᠶᠣᠰᠣ ᠶ᠋ᠢ ᠵᠣᠷᠢᠭᠯᠠᠨ ᠢᠰᠬᠦᠯᠵᠦ
ᠲᠡᠷᠭᠡᠨ ᠦ᠌ ᠲᠡᠮᠦᠷ ᠰᠢᠷᠢᠭᠡᠳᠡᠭ ᠳᠥᠰᠢᠨ ᠳ᠋ᠡᠭᠡᠨ
ᠲᠡᠮᠡᠴᠡᠯ ᠦ᠋ᠨ ᠢᠯᠳᠦ ᠶ᠋ᠢ ᠳᠠᠪᠲᠠᠯᠴᠠᠵᠤ ᠥᠭᠭᠦᠭᠰᠡᠨ ᠶᠤᠮ ᠃
ᠵᠣᠷᠢᠭ ᠨᠢ ᠳᠡᠩᠳᠡᠵᠦ ᠴᠠᠭᠠᠨ ᠪᠠᠷᠤᠨ ᠤ᠋
ᠵᠤᠯᠢᠶᠠᠰᠤᠨ ᠳ᠋ᠤ᠌ ᠳᠠᠪᠬᠢᠭᠠᠳ ᠪᠤᠷᠤᠭᠤᠳᠴᠤ ᠦᠵᠡᠭᠰᠡᠨ ᠶᠤᠮ ᠃
ᠵᠣᠭᠰᠣᠯᠲᠠ ᠪᠣᠯ ᠦᠬᠦᠯ ᠮᠥᠨ ᠭᠡᠰᠡᠨ ᠯᠧᠨᠢᠨ ᠦ᠌ ᠦᠭᠡ ᠶ᠋ᠢ
《ᠷᠸᠪᠤᠯᠶᠤᠼᠢᠶ᠎ᠡ (ᠬᠤᠪᠢᠰᠬᠠᠯ )ᠭᠡᠵᠦ ᠮᠡᠳᠡᠬᠦ ᠦᠭᠡᠢ ᠪᠣᠯ
ᠡᠨᠡ ᠮᠠᠦ᠋ᠽᠧᠷ ᠢ᠋ᠶ᠋ᠡᠷ ᠶᠠᠷᠢᠬᠤ ᠪᠣᠢ ᠂ ᠰᠡᠷᠬᠢᠨᠡᠰᠠᠭ (ᠰᠠᠷᠬᠢᠨᠠᠭ ) 》 ᠭᠡᠵᠦ
ᠮᠣᠩᠭᠣᠯ ᠢ᠋ᠶ᠋ᠠᠷ ᠬᠡᠯᠡᠭᠡᠳ ᠣᠢᠯᠠᠭᠠᠬᠤ ᠦᠭᠡᠢ ᠡᠲᠡᠭᠡᠳ ᠦ᠋ᠳ ᠲᠡᠢ
ᠮᠣᠳᠣᠨ ᠬᠣᠢᠲᠤ ᠪᠠᠷ ᠶᠠᠷᠢᠵᠤ ᠶᠠᠪᠤᠭᠰᠠᠨ ᠪᠤᠷᠢᠶᠠᠳ ᠃
ᠭᠠᠮᠢᠩ ᠳ᠋ᠤ᠌ ᠴᠤ᠌ ᠪᠤᠤᠳᠠᠭᠤᠯᠵᠤ
ᠪᠠᠷᠤᠨ ᠳ᠋ᠤ᠌ ᠴᠤ᠌ ᠪᠤᠤᠳᠠᠭᠤᠯᠵᠤ
ᠯᠠᠮᠠ ᠨᠠᠷ ᠲᠤ᠌ ᠪᠤᠷᠣᠳᠬᠠᠢᠳᠠᠭᠤᠯᠵᠤ
ᠭᠠᠵᠠᠷ ᠣᠷᠣᠨ ᠢ᠋ ᠮᠠᠨᠢ ᠴᠢᠯᠤᠭᠡᠯᠡᠯᠴᠡᠵᠤ ᠥᠭᠭᠦᠭᠰᠡᠨ ᠶᠤᠮ ᠃
ᠭᠠᠵᠠᠷ ᠣᠷᠣᠨ ᠢ᠋ ᠮᠠᠨᠢ ᠴᠢᠯᠦᠭᠡᠯᠡᠯᠴᠡᠭᠰᠡᠨ ᠦ᠌ ᠱᠠᠩ ᠳ᠋ᠤ᠌
ᠭᠠᠭᠴᠠ ᠮᠣᠷᠢ ᠪᠠᠨ ᠤᠨᠤᠭᠠᠳ ᠲᠠᠭᠤᠭᠳᠠᠵᠤ ᠶᠠᠪᠤᠭᠰᠠᠨ ᠶᠤᠮ ᠃
ᠮᠢᠩᠭ᠎ᠠ ᠶᠢᠰᠦᠨ ᠵᠠᠭᠤᠨ ᠭᠤᠴᠢᠨ ᠬᠡᠳᠦᠨ ᠣᠨ ᠢ᠋
ᠮᠢᠨᠦ ᠪᠡᠶ᠎ᠡ ᠨᠢᠳᠦ ᠪᠡᠷ ᠦᠵᠡᠭᠡ ᠦᠭᠡᠢ ᠴᠦ᠍
ᠡᠪᠦᠭᠡᠳ ᠬᠥᠭᠰᠢᠳ ᠦ᠋ᠨ ᠢ᠋ᠶ᠋ᠡᠨ ᠲᠤᠬᠠᠢ ᠤᠬᠢᠯᠠᠨ ᠳᠤᠷᠠᠰᠬᠤ
ᠥᠴᠢᠨᠡᠨ ᠣᠯᠠᠨ ᠰᠧᠮᠵᠢᠤᠬᠡᠢ ᠶ᠋ᠢ ᠪᠢ ᠦᠵᠡᠭᠰᠡᠨ ᠃
ᠪᠤᠳᠠᠩ ᠲᠠᠢ ᠮᠠᠨᠠᠨ ᠲᠠᠢ ᠲᠡᠷᠡ ᠵᠢᠯ ᠦ᠋ᠳ ᠦ᠋ᠨ
ᠪᠤᠤ ᠲᠠᠢ ᠮᠠᠨᠠᠭ᠎ᠠ ᠲᠠᠢ ᠶᠠᠮᠤ ᠂ ᠲᠠᠮᠠᠭ᠎ᠠ ᠨᠤᠭᠤᠳ ᠤ᠋ᠨ
ᠪᠤᠷᠤᠭᠤ ᠵᠥᠪ ᠢ᠋ ᠨᠢ ᠲᠤᠩᠭᠠᠭᠠᠬᠤ ᠭᠡᠰᠡᠨ ᠶᠤᠮ ᠪᠢᠰᠢ
ᠪᠤᠷᠢᠶᠠᠳ ᠢ᠋ ᠥᠮᠥᠭᠡᠷᠡᠭᠡᠳ ᠲᠤᠯᠬᠤ ᠭᠡᠰᠡᠨ ᠶᠤᠮ ᠪᠢᠰᠢ
ᠭᠠᠢᠬᠠᠮᠰᠢᠭᠲᠤ ᠡᠨᠡ ᠲᠡᠮᠡᠴᠡᠯ ᠦ᠋ᠨ ᠦᠶ᠎ᠡ ᠳ᠋ᠦ᠍
ᠭᠠᠷ ᠢ᠋ ᠨᠢ ᠭᠠᠨᠵᠤᠭᠠᠨ ᠳ᠋ᠤ᠌ ᠂ ᠬᠥᠯ ᠢ᠋ ᠨᠢ ᠳᠥᠷᠦᠭᠡᠨ ᠳ᠋ᠦ᠍ ᠬᠦᠷᠭᠡᠭᠰᠡᠨ
ᠡᠷᠢᠨ ᠴᠠᠭ ᠤ᠋ᠨ ᠰᠣᠶᠣᠯ ᠢᠷᠭᠡᠨᠰᠢᠯ ᠳ᠋ᠦ᠍
ᠡᠬᠢᠨ ᠦ᠌ ᠵᠢᠭᠦᠷ ᠨᠢ ᠪᠣᠯᠤᠯᠴᠠᠵᠤ ᠥᠭᠭᠦᠭᠰᠡᠨ
ᠬᠡᠯᠡᠮᠦᠷᠴᠢ ᠂ ᠰᠤᠷᠭᠠᠭᠴᠢ ᠂ ᠺᠤᠮᠢᠰᠰᠤᠷ
ᠬᠡᠯᠡ ᠪᠢᠴᠢᠭ ᠦ᠋ᠨ ᠤᠬᠠᠭᠠᠨ ᠤ᠋ ᠲᠣᠺᠲ᠋ᠣᠷ
ᠤᠤᠭᠠᠨ ᠡᠮᠴᠢ ᠂ ᠬᠥᠭᠵᠢᠮᠴᠢᠨ ᠂ ᠳᠠᠭᠤᠴᠢᠨ
ᠤᠯᠤᠰ ᠤ᠋ᠨ ᠭᠠᠪᠢᠶᠠᠲᠤ ᠪᠠᠭᠰᠢ
ᠲᠡᠷᠢᠭᠦᠨ ᠦ᠌ ᠬᠠᠳᠤᠯᠠᠩᠴᠢ ᠠᠭᠷᠣᠲ᠋ᠧᠭᠨᠢᠭᠴᠢ(ᠲᠠᠷᠢᠶᠠᠯᠠᠩ ᠤ᠋ᠨ ᠮᠡᠷᠭᠡᠵᠢᠯᠲᠡᠨ )
ᠲᠡᠭᠡᠭᠡᠪᠦᠷᠢ ᠶ᠋ᠢᠨ ᠵᠢᠯᠣᠭᠣᠴᠢ ᠂ᠠᠸᠲ᠋ᠤ᠋ ᠮᠧᠬᠠᠨᠢᠭ᠌ᠴᠢ
ᠠᠪᠤᠷᠭᠤ ᠰᠠᠭᠠᠯᠢᠴᠢᠨ ᠂ ᠠᠷᠠᠳ ᠤ᠋ᠨ ᠶᠡᠬᠡ ᠬᠤᠷᠠᠯ ᠤ᠋ᠨ ᠳ᠋ᠧᠫᠦ᠋ᠲ᠋ᠡᠲ(ᠲᠥᠯᠥᠭᠡᠯᠡᠭᠴᠢ )
ᠠᠮᠵᠢᠯᠲᠠ ᠪᠦᠲᠦᠭᠡᠯ ᠦ᠋ᠨ ᠡᠵᠡᠳ ᠢ᠋ ᠳᠠᠭᠤᠯᠠᠨᠠᠮ ᠃
ᠬᠠᠯᠢᠭᠤᠷᠠᠭᠰᠠᠨ ᠶᠡᠬᠡ ᠲᠠᠯ᠎ᠠ ᠶ᠋ᠢ ᠬᠠᠭᠠᠯᠤᠨ᠎ᠠ ᠂ ᠬᠠᠭᠠᠯᠬᠤ ᠦᠭᠡᠢ ᠭᠡᠵᠦ
ᠬᠠᠮᠲᠤᠷᠠᠯ ᠺᠤᠮᠮᠦ᠋ᠨ⑤ ᠪᠠᠢᠭᠤᠯᠤᠨ᠎ᠠ ᠂ ᠪᠠᠢᠭᠤᠯᠬᠤ ᠦᠭᠡᠢ ᠭᠡᠵᠦ
ᠮᠠᠷᠬᠠᠢ ᠶ᠋ᠢᠨ ᠪᠠᠲᠤ ᠰᠦᠷ ᠪᠠᠳᠠᠷᠠᠭᠤᠯᠤᠨ ᠳᠡᠪᠢᠵᠦ
ᠱᠠᠷᠬᠠᠢ ᠶ᠋ᠢᠨ ᠪᠣᠯᠣᠳ ᠰᠦᠬᠡ ᠪᠠᠷᠢᠨ ᠲᠡᠯᠡᠵᠦ
ᠪᠤᠷᠤᠭᠤ ᠵᠥᠪ ᠬᠣᠶᠠᠷ ᠤ᠋ᠨ ᠲᠣᠷᠭᠠᠨ ᠵᠠᠭᠠᠭ ᠳᠡᠭᠡᠷ᠎ᠡ
ᠪᠤᠷᠢᠶᠠᠳ ᠨᠢ ᠪᠤᠷᠢᠶᠠᠳ ᠢ᠋ ᠪᠡᠨ ᠴᠠᠪᠴᠢᠵᠤ ᠤᠨᠠᠭᠠᠭᠰᠠᠨ
ᠠᠩᠭᠢ ᠶ᠋ᠢᠨ ᠲᠡᠮᠡᠴᠡᠯ ᠦ᠋ᠨ ᠰᠢᠷᠦᠭᠦᠨ ᠵᠢᠯ ᠦ᠋ᠳ ᠲᠦ᠍
ᠠᠷᠤ ᠠ᠋ᠴᠠ ᠨᠢ ᠪᠢᠳᠡ ᠰᠠᠵᠢᠯᠠᠵᠤ ᠶᠠᠪᠤᠭᠰᠠᠨ
ᠠᠶᠠᠭᠦᠢ ᠪᠣᠯ ᠣᠳᠣ ᠴᠤ᠌ ᠭᠡᠰᠡᠨ ᠰᠡᠬᠡᠭᠡᠲᠡᠨ ᠦ᠌
ᠠᠨᠺᠧᠲ ⑥ ᠢ᠋ ᠦᠵᠡᠪᠡᠯ ᠪᠤᠷᠢᠶᠠᠳ ᠵᠤᠨ ᠨᠤᠭᠤᠳ
ᠠᠷᠠᠳ ᠲᠦᠮᠡᠨ ᠳ᠋ᠦ᠍ ᠮᠢᠨᠢ ᠶᠡᠬᠡ ᠶ᠋ᠢ ᠥᠭᠭᠦᠭᠰᠡᠨ ᠶᠤᠮ ᠃
ᠢᠳᠡ ᠴᠡᠴᠡᠭᠯᠡᠬᠦ ᠬᠣᠷᠢᠭᠠᠳ ᠨᠠᠰᠤᠨ ᠳ᠋ᠤ᠌ ᠮᠢᠨᠢ
ᠶᠡᠬᠡ ᠵᠦᠢᠯ ᠢ᠋ ᠣᠢᠯᠠᠭᠠᠭᠤᠯᠵᠤ ᠥᠭᠭᠦᠭᠰᠡᠨ ᠶᠤᠮ ᠃
ᠬᠠᠷᠢᠶᠠᠴᠠᠢ ᠭᠡᠳᠡᠭ ᠵᠢᠭᠦᠷᠲᠡᠨ ᠰᠢᠪᠠᠭᠤ
ᠬᠠᠳᠠᠨ ᠳᠡᠭᠡᠭᠦᠷ ᠨᠢᠰᠦᠭᠡᠳ ᠪᠠᠢᠨ᠎ᠠ ᠬᠦ
ᠬᠠᠮᠤᠭ ᠠ᠋ᠴᠠ ᠬᠠᠢᠷᠠᠲᠠᠢ ᠮᠢᠨᠦ ᠠᠯᠳᠠᠷᠠᠢ
ᠬᠠᠮᠢᠭᠠᠬᠢ ᠭᠠᠵᠠᠷ ᠤ᠋ᠨ ᠦᠷ᠎ᠡ ᠶᠤᠮ ᠪᠣᠯ ᠳᠠ ᠭᠡᠵᠦ
ᠨᠠᠰᠤᠨ ᠤ᠋ ᠵᠠᠯᠠᠭᠤ ᠂ ᠨᠠᠷᠠᠨ ᠤ᠋ ᠡᠷᠲᠡ ᠳ᠋ᠦ᠍
ᠨᠠᠢᠵᠠᠯᠠᠨ ᠳᠠᠰᠤᠭᠰᠠᠨ ᠮᠢᠨᠦ ᠠᠯᠳᠠᠷᠠᠢ
ᠨᠠᠮᠠᠶ᠋ᠢ ᠪᠠᠨ ᠰᠠᠨᠠᠵᠤ ᠰᠠᠭᠤᠪᠠ ᠪᠣᠯᠪᠠ ᠤᠤ
ᠨᠠᠳᠤᠭᠠᠷ ᠵᠢᠭᠠᠬᠠᠨ ᠰᠧᠮᠵᠢᠤᠬᠡᠢ ᠮᠢᠨᠢ ᠃
           1973

① ᠪᠠᠢᠭᠠᠯ ᠠ᠋ᠴᠠ ᠬᠣᠢᠰᠢᠬᠢ ᠪᠤᠷᠢᠶᠠᠳ ᠤ᠋ᠳ ᠠᠪᠤ ᠶ᠋ᠢ ᠪᠡᠨ ᠪᠡᠪᠡᠢ ᠂ ᠪᠠᠢᠭᠠᠯ ᠠ᠋ᠴᠠ ᠡᠮᠦᠨᠡᠬᠢ ᠪᠤᠷᠢᠶᠠᠳ ᠤ᠋ᠳ ᠠᠪᠠᠭ᠎ᠠ ᠪᠠᠨ ᠪᠡᠪᠡᠢ ᠭᠡᠳᠡᠭ ᠃
②ᠴᠠᠩᠬᠠᠭᠠᠯᠠᠬᠤ ⎯ ᠮᠥᠴᠡᠭᠡᠷᠬᠡᠵᠦ ᠠᠲᠠᠭᠠᠷᠬᠠᠬᠤ ᠰᠡᠳᠬᠢᠯ ᠃
③ ᠥᠮᠪᠥᠭᠦᠯ ⎯ ᠣᠷᠣᠴᠠ ᠥᠪᠥᠩ ᠂ ᠡᠪᠡᠰᠦᠨ ᠭᠡᠷ ᠃
④ ᠰᠤᠤᠳᠠ(苏达) ᠲᠠᠢ ᠶᠤᠫᠤᠤᠰᠢᠭ ⎯ ᠬᠤᠵᠢᠷ ᠬᠢᠵᠦ ᠬᠥᠭᠡᠭᠡᠯᠭᠡᠭᠰᠡᠨ ᠬᠠᠭᠠᠷᠢᠮᠠᠯ᠃
⑤ ᠺᠤᠮᠮᠦ᠋ᠨ ⎯ ᠨᠢᠭᠡᠳᠦᠯ ᠂ ᠭᠦᠩᠱᠧ ᠃
⑥ ᠠᠨᠺᠧᠲ ⎯ ᠨᠠᠮᠲᠠᠷ ᠤ᠋ᠨ ᠬᠦᠰᠦᠨᠦᠭᠲᠦ

Буриад найраглал
    Р. Чойном

Хээрийн гєрєєс шиг насны минь
Хээтэй хоргой шиг намтар дунд
Арилшгvй мєрєє vлдээсэн
Аяа миний буриад.
Шvлэг бидэн хоёрын ханилсан
Шvр сувд шиг жилvvдийн хэлхээнд
Алтанхан эрх болж vлдсэн
Аяа миний буриад.
Дураар задгай амьдралын минь
Дундуур дvvрэн хундаганууд дунд
Аагтайхан сархад болж амтлагдсан
Аяа миний буриад.
Урган тєлжих насны минь
Ум зандан шиг цогцсонд
Эйдельбесийн цэцэг болж дэлгэрсэн
Энэ миний буриад.
Єндєр оройтой малгайд чинь
Єргєн эмжээртэй дээлд чинь
Утсан цацагтай бvсэнд чинь
Улаан сєєхий гуталд чинь
Ойд хангинах сvхэнд чинь
Ононг гатлах бирваазанд чинь
Мойлтой тос зєєхийд чинь
Монцгор мєнгєн трубканд чинь
Булиа хvрэн хvзvvнд чинь
Бух юлдэн хутганд чинь
Уяхан эршvvд аашинд чинь
Угийн ажилсаг аясанд чинь
Хадуур тармуур анжсанд чинь
Хашаа амбаар бууцанд чинь
Хатгуур мєєртэй тэргэнд чинь
Хатирч морьтой чарганд чинь
Нэр минь, зvрх минь, шvлэг минь
Нэг л эрхгvй татагдаад байна л
Мэнд амараа! Буриад зон.
Тагш дvvрэн мэлтийлгэж барьсан
Таван шимийн дээжнээс чинь
Ядам хуруугаараа сvслэн єргєж
Яруухан Онондоо сэржим цацаж
Баавай та нарыгаа Хан Хэнтий шигээ
Бат тvшин жаргаж суухад
Ариухан ерєєлийг зvрхэндээ шившээд
Амьсгал татан хєнтєрч орхиё.
Халх гэдэг их сансарт
Ард тvмэн гэдэг однууд дунд
Буриад гэдэг нэгэн эрхсийн
Будант мандалд алхан орж
Євєрмєц гадаргуунд нь хєл тавьж
Євєр гvн уруу нь нэвтрэн орох
Эрдэнийн алтан тvлхvvр болсон Сэмжvvхэй
Элэг зvрхнээс минь гарамгvй
Хол vнэнтэй ариун дуртгал
Холдоо толирсон алтан Ононой
Хонгиохон дуугаа намдаа дуулыш
Холширхон зантай Сэмжvvхэй минь.
Мvнгэн шєнийн наргиантай намиан соо
Мvльхэн сэсэг хангир жингэр
Мєрєєдєл дvvрэн юндэн соо нь
Мэшид олон гялар ялар.
Уучлаарай бусдын хэлэнд хуруу дvрж
Ур муутайхан дєрвєн бадаг хэллээ.
Буруу байх аваас жинхэнэ
Буриадаар нь болгон хэлнэ биз.
Ямар ч гэсэн хориод насандаа
Ялалтын буудлага шиг бадарч явахдаа
Чамбайхан басганы хайрын сэтгэлд
Шатаж байсан тэртээх шєнvvд
Цэнгэлийн дугарааг нэгмєсєн
Цэлэлзvvлэн бялхаагаад хєлчvvрэх шиг
Ааш болоод баяр гунигаар
Арван жил шархалсан юм шиг
Одоо хvртэл зvрхэнд хєндvvр
Олон дуртгал сэтгэлээс єндийнє.
Онон минь, буриад минь уучлаарай
Овилгогvй ч явлаа, залуухан ч явлаа
Хvрэн улаан тvvдэг галын туяанд
Хєвгvvд охид цогтой шоволзож
Хатираа бvжих хєлийн нь сvvдэр
Ханын шийрний шvvдэр шиг цацарна.
Тал бvр тийшээ хувь заяаны
Таавар зєн шиг хувилан одож
Тас харанхуй шєнийн хэвлийд
Танай манайгvй уусаж байсан.
Уран цэнгvvн ёохорын аяс
Ургаа модны vзvvр дамжин
Уран овоо хєлийн єлмийнvvд
Угалзрах голыг тойрон дэвсэлж
Намжир шидэх адтай нvдний
Нарийн давхраанд зvрхээ хавчуулж
Хархан гэзэг уургын хуйв шиг
Хацар дундуур шилбvvрдэн эргэж
Аминдаа махлаг зєєлєн гар нь
Ассан дєл шиг халуу дvvгэж
Надтай хамт буриад басган
Наадам зугаанаас албаар тєєрєв.
Чийг даасан Ононгийн шєнєєр
Чингэлэгтэй тэрэгний арал сандайлж
Чийрэг болоод зузаан уруулаар
Чимээ нь ихтэй таалж байсан
Натгар жаахан Сэмжvvхэй нь
Намайг одоо мартаа болов уу ?
Насан ахиж vс нь бууралтсан ч
Наалинхай зан нь хэвээрээ болов уу ?
Харин би яасан ч мартаагvй
Халуун залуу насны минь дуртгал
Хал vзээгvй диваажингийн орон
Харанхуй шєнvvд минь мандтугай !
Мєнгєн саран уулын цаанаас
Мєрний усанд зоос цацахад
Мєнхийн уснаас зvvдлэн тамшаалж
Мєргєцєгийн эрэг уруу халит жийх нь
Баргажин тєхємийн буриад самганы
Балиусаар хуссан загасны хайрс
Тунгалагхан уснаа бутрав уу гэлтэй
Туссан гэрэл нь бvжиглэн байхад
Зvрхэм ни, зvрхэм ни, инаг нь
Зvгээр инеэхдээ яанавши
Yжин Эльдэн баархамни
Yглєєдєр бvv ябаарай гэж
Ононой жаахан Сэмжvvхэй
Онцгойхон надад шивнэж билээ
Хацар нvvрээ зvрхэнд минь
Халуун дvvгтэл наалдуулж билээ.
Дуугvйхэн ингээд наалдаж байх нь
Дух нь хамраасаа тєвгєрхєн ч юм уу даа.
Хайрлан хайрлан гэмшихийг нь vзвээс
Халхын хvvхнvvдээс эрххэн ч юм уу даа.
Аяа хєєрхий Сэмжvvхэй
Алтан ононой Сэмжvvхэй
Аашны чинь хєєрхєнд би чинь
Арга ч vгvй автсан юм сан.
Хайр хайрынхаа илчинд
Хайлах шахам шатаж байдаг
Самрын боргоцой шиг жаахан басган
Сайн хvvхэн байж билээ.
Эгзэгтэй цагт тvшиг болж
Эргэж буцашгvй шийдэж чаддаг
Эрэмгий зантай буриад басган
Эгэлгvй хvн байж билээ.
Сайхан сэтгэлтэй тэр бvсгvйтэй
Сайн нєхєр минь танилцуулсан юм.
Ам нээвэл уушиг нээнэ гэдэг
Аавын минь vг vнэн юм байна.
Дайны талбарт нэг нэгнийгээ vvрэх
Дайчны ёсоор тэр бид хоёр
Ярайсан шvлгэн сумаа бvсэлж
Яруу найргийн талбарт гарсан юм.
“Натгар жаахан Сэмжvvхэйд минь
Зуун зvрх тэмvvлээ юм биз.
Найзаас минь хойш
Ерэн ес нь шархлах юм биз”
Хэнтийн дунд сургуулийн
Хээгvй найз минь хэлсэн сэн
Заяаныхаа оргилыг байлдан эзлэх
Замаа тэндээс эхэлсэн сэн.
Харин би буриад биш ээ
Халх Боржгоны vр сад
Хаяа нь алдрах талын тэртээ
Хазаарт морин дээр єссєн хvvхэд ээ.
Тоглон дэвхцэх бяцхан хєлдєє
Тоногт бойтог ємсєє нь vгvй
Цанхаалж єссєн толгой дээрээ
Цацагт малгай тавиа нь vгvй
Би єєрєє буриад биш ээ
Бишгvй дээ л би олон удаа
Биндэр, Дадал, Батширээтийн
Бяцхан буриад хєвгvvдтэй
Хэнтийн сургуулийн довон дээр
Хэмх нанчилдаж єссєн хvvхдээ
Ялаа ч vгvй, ялагдаа ч vгvй
Яамай тэр нь хамаатай биш.
Буриад гэдэг чинь хэн бэ гэдгийг
Буруу биш зєвєєр нь таньсан
Дуутай шуутай тэр жилvvд минь
Дунд сургуулиас ч илvv санагдана.
Хими, физик, алгебрь, геометрийн
Хэцvv томъёонуудаар яах юм бэ
Хэрлэн Хэнтий хоёрын завсарт
Хэнтэй нєхєрлєхєє мэдвэл болоо биш vv.
Халх хvний бvдvvн бараг амьдралд
Халбага шєлнєєс илvv vнэгvй
Буруу номын vсгээр мэдрэлээ нvдvvлснээс
Буриад нударгаар хамраа нvдvvлсэн нь
Алсдаа дээр байсан юм нээрээ шvv
Амьдрал гэдэг чинь ном биш шvv дээ
Алтанхан Ононой буриад басганд
Алгебраар захиа бичихгvй шvv дээ.
Хайртай жаахан Сэмжvvхэйг минь тєрvvлсэн
Халуун элгэн буриад зон
Хан Хэнтий, Онон, Хурхын
Хатуу сахиус буриад зон.
Наалдаж дасахгvй цэрвvv явбал
Нанчилдхаб гээд єрж ч мэднэ.
Хуудуу гаргаж хундага залилбал
Хутгалхаб гээд дvрж ч мэднэ.
Зангий нь мэдэхгvй сониуч хvнд
Зайдуу газраас сонжин харвал
Тосон будгаар ур муутайхан
Товшиж зурсан зураг шиг
Дээлийнхээ арыг ганц нугалж
Дэргэр суран бvс бvсэлж
Дэрвэгэр шилтэй шовгор малгай ємссєн нь
Дэрсэн овоохой шиг харагддаг биз.
Хоёр гар нь тэрэгний мєєр шиг
Холуур дугуйрч бээлий нь унжаад
Хємєн гутлаа гадагш нь єшиглєж
Хєвєєтэй мєрєє vлдээж алхахыг
Хатуу мохоор хуурай зажилж
Хаясан шvлс нь шарлаж хоцрохыг
Энд тэнд харсан тєдийгєєр
Эндvv хуудуу дvгнэж болохгvй
Эл хуль хєвчийн эзэн болсон
Эрдvv тvмэн тэд нар мєн.
Балт сvхээ гэрнээс нь авч
Бавайсан сахлаа нэг шувтарч
Барвайсан алгаа хэд нулимснаа
Баруун хєлєє гэдрэг нь гишгэж
Аажуухан далайсан хvдэр эрийн
Алиман сар шиг сvхний ир
Агаар тэнгэрийг зvсэн бууж
Арын модонд цуурай хадаж
Хар модны дvнгэнэсэн биед
Хагас сєєм шигдэх сацуу
Хvч алдах тунгалаг давирхайгаар
Хvний ємнє байгаль уйлна.
Аглаг ууланд мод бэлдсэн
Ажилсаг буриадын ємбvvл урцанд
Аагтай цай, соодтой ёпоошигий нь
Амтлан суух нэгэн жаргал аа.
Зуны тэнгэр хураа татаж
Зугаатай цэцгийн тоос дэгдэх
Хадлангийн цагт нар хvн хоёр
Халуунаа булаалдан тулгарч байдаг.
Халиурсан євстэй цэнхэр талд
Ханарсан жагсаал цэгцрэн давшиж
Хадуурууд хагас гортиг татаж
Ханарсан мєр гєвийн vлдэнэ.
Нарны цацраг шугаманд бичсэн
Наймтийн задгай нотууд шиг
Хар ногоон бухлууд ярайж
Ханхар том нуруунууд єндийхєд
Сэрвээ сайтай буриад эрчvvд
Сэрээ барьж євс шордоно.
Бvдvvн улаан самгад нь
Бvтэн бухлыг єргєх дєхнє.
Орой болоход газар зуухнаас
Олгойдох утаанаар цай ханхална.
Єєрсдийн барьсан амттай талханд
Єтгєн шаргал зєєхий тvрхэнэ.
Хожуухан гарсан хоридын саран
Хойргохон юм шиг мэлэрч байхад
Майхны амны хоёр баадан
Майга хєл шиг дугуйрч байхад
Хэдийнэ унтсан Тєєдаагийн хамар
Хэдгэнэ адил дvнгэнэж байхад
Баавайн гаансны бохь нь буцлаад
Батгана адил жингэнэж байхад
Шvvдэр буусан ногоон дээгvvр
Сvvдэр адил чив чимээгvй
Халуун сэтгэлт нємгєн басган
Хайрын болзоонд гvйгээд ирнэ:
Хоёр хєлийнхєє бvдvvн шилбийг
Хормой хотоороо ороон сууж
Дураа єссєн хєвгvvний цээжинд
Духаа нааж ийнхvv шивнэнэ.
“Бууралхан бааваймни унтана vгvй л даа
Буцалсан трубканий нь намжаа нь vгvй л даа
Бодохо гэхэдэмни болно vгvй л даа
Борхон зvрхэмни тэснэ vгvй л даа
Ийгэж л би шамдаа ирээб
Ирэх л гэж би заалхаа ирээб”
“Аяа шамдаа л адил басганыг би
Онон худар эреэд эреэд
Олохгvйб даа “ гэж
Омголон залуу санаа алдана.
Хєндийн адаг уруу хадланч залуусын
Хєгжилтэй ёохорын дуу хадна.
Барх, Хурхын хатан урсгалыг
Бялхаж vерэлтэл бvжин хатирна.
“Yндэр хадын саанахаа
Yvрэй сайтар хатаръя л
Yе тэнгийн залуушууд
Зугаалангvй яахам найб”
Нарсны шилмvvс найган бvжнэ
Наадам зугаа тэднийг дуудна.
Наргиантайхан, долгиотойхон
Энэ л буриад гэгч хэн бэ.
Цагаан сараар эхнэр хvvхдvvд нь
Цангинатал дуулж бєєн бєєнєєрєє
Yvр цайтал айлаар наргиж
Yхрийн халуун нэрмэл уудаг
Уран цагаан хуруугаараа
Утас ээрч оймс нэхдэг
Ууж наргихдаа хvvхнvvд нь бэрх
Угийн буриад гэгч хэн бэ ?
Алтанхан тайгын ар шилийг
Анчны нvдээр дуран шиг харж
Идэр есєєр хvрэн баавгайг
Ичээн дээрээс нь зангадан дардаг
Баргажины хэрэм, Дагуурын сувд
Байгалийн булга, Ярууны хандгайгаар
Бахархан дуулах анчдыг тєрvvлсэн
Энэ буриад гэгч хэн бэ ?
Байгаль далайгаар нутагтай л гэдэг
Баргажин тєхємєєс гаралтай л гэдэг
Баялаг тvvхийн эртний бичгvvдэд
Балар ойн иргэд гэдэг.
Заншил нь содон, байдал нь сонин
Зан нь эршvvд сэтгэл нь цагаан
Заяаны энэ буриад зон
Тvvхийн бэрхэд vvссэн билээ.
Умар зvгийн ян хєвчид
Ургасан удам, торнисон угсаа
Уйлсан уянга, дуулсан дуу
Урссан цус, дусалсан хєлс
Якут, Тувагийн цус холилдож
Яагаад тунгус, хамниган болж
Ямар учраас баргууд тасарч
Явдал нvvдэл vvсэн єнгєрснийг
Хатуу жилvvдийн амьд гэрч
Хашир баавайнууд хvvрнэнэ vv гэхээс
Хадмын аясаар жолоо татсан
Халхын тvvхчид мэдэхийн аргагvй.
Адуу малын билчээр дагаж
Амд тvвдийн уншлага цээжилж
Арван долоогоос хорь дахь зуунд
Аниастай ирсэн халх тvмэнд
Эх дэлхийн соёлоос эмтэлж
Энэ буриадууд vvрч ирсэн юм
Оёдол тааруу тансар дээлдээ
Орос хэлийг євєрлєж ирсэн юм.
Бараан тоонотой хємєн гутлаараа
Балрын ёсыг зориглон єшиглєж
Тэрэгний тємєр ширгээдэг дєшиндєє
Тэмцлийн илдийг давталцаж єгсєн юм
Зориг нь дэндэж цагаан, бароны
Золиосонд давхиад буруутаж vзсэн юм.
Зогсолт бол vхэл мєн гэсэн Ленины vгийг
Зогсоогоороо орчуулж єгєєд буудуулж явсан юм.
“Революция гэж мэдэхгvй бол
Энэ маузерээр ярихаб, сархинсаг” гэж
Монголоор хэлээд ойлгохгvй этгээдvvдтэй
Модон хуйтаар ярьж явсан буриад,
Гаминд ч буудуулж
Баронд ч буудуулж
Лам нарт бороохойдуулж
Газар орныг минь чєлєєлєлцєж єгсєн юм.
Газар орныг маань чєлєєлєлцсєний шанд
Ганц морио унаад туугдаад явсан юм.
Мянга есєн зуун гучин хэдэн оныг
Миний бие нvдээр vзээгvй ч
Євгєд хєгшдийнхєє тухай уйлан дурсах
Єчнєєн олон Сэмжvvхэйг би vзсэн.
Будантай манантай тэр жилvvдийн
Буутай манаатай яам тамгуудын
Буруу зєвийг нь тунгаах гэсэн юм биш
Буриадыг ємєєрєєд тулах гэсэн юм биш.
Гайхамшигт энэ тэмцлийн vед
Гарыг нь ганзаганд, хєлийг нь дєрєєнд хvргэсэн
Эрин цагийн соёл иргэншилд
Эхний жигvvр нь бололцож єгсєн
Хэлмэрч, сургагч, комиссар
Хэл бичгийн ухааны доктор
Ууган эмч, хєгжимчин, дуучин
Улсын гавьяат багш
Тэргvvний хадланч, агротехникч
Тээврийн жолооч, автын механик
Аварга саальчин, Ардын Их Хурлын депутат
Амжилт бvтээлийн эздийг дуулнам.
Халиурсан их талыг хагалана, хагалахгvй гэж
Хамтрал коммун байгуулна, байгуулахгvй гэж
Мархайн Бат сvр бадруулан дэвж
Шархайн Болд сvх барин дэлж
Буруу зєв хоёрын торгон зааг дээр
Буриад нь буриадыгаа цавчиж унагасан
Ангийн тэмцлийн ширvvн жилvvдэд
Араас нь бид сажилж явсан
Аягvй бол одоо ч гэсэн сэхээтний
Анкетыг vзвэл буриад олон биз.
Ажилсаг энэ буриад зонууд
Ард тvмэнд минь ихийг єгсєнюм.
Ид цэцэглэх хориод насанд минь
Их зvйлийг ойлгуулж єгсєн юм.
Хараацай гэдэг жигvvртэн шувуу
Хадан дээгvvр нисээд байна аа хє.
Хамгаас хайртай миний алдрай
Хаахна газрын vр юм бол доо гэж
Насны залуу, нарны эртэд
Найзлан дассан миний алдрай
Намайгаа санаж суугаа болов уу.
Натгар жаахан Сэмжvvхэй минь.