ᠳ᠋ᠠᠯᠢᠩᠪᠣᠷᠣ- ᠭᠡ᠊᠂ ᠴᠦᠢᠵᠢᠨᠵᠠᠪ Даалибор-Гэ, Чойжинжав
ᠳ᠋ᠠᠯᠢᠩᠪᠣᠷᠣ
ᠵᠣᠬᠢᠶᠠᠭᠴᠢ᠄ ᠭᠡ᠊᠂ ᠴᠦᠢᠵᠢᠨᠵᠠᠪ
ᠵᠢᠷᠠᠭᠠᠳ ᠣᠨ ᠤ᠋ ᠰᠡᠭᠦᠯᠴᠢ ᠳᠠᠯᠠᠭᠠᠳ ᠣᠨ ᠤ᠋ ᠡᠬᠢ ᠪᠡᠷ ᠮᠠᠨ ᠤ᠋ ᠳ᠋ᠤ᠌ ᠳ᠋ᠠᠯᠢᠩᠪᠣᠷᠤ ᠭᠡᠳᠡᠭ ᠨᠢᠭᠡᠨ ᠠᠳᠠ ᠪᠠᠢᠭᠰᠠᠨ᠃ ᠡᠨᠡ ᠲᠡᠮᠡᠭᠡ ᠤᠯᠠᠭᠠᠨ ᠪᠣᠷᠣ ᠥᠩᠭᠡ ᠲᠡᠢ᠂ ᠪᠡᠶ᠎ᠡ ᠥᠨᠳᠥᠷ ᠮᠥᠷᠲᠡᠭᠡᠨ ᠤᠷᠲᠤ᠂ ᠪᠤᠭᠤᠷᠤᠯ ᠬᠣᠰᠢᠭᠤ ᠲᠠᠢ᠂ ᠵᠣᠭᠳᠣᠷ ᠨᠢ ᠣᠬᠣᠷᠬᠠᠨ᠂ ᠴᠡᠭᠡᠵᠢ ᠤᠷᠲᠤ᠂ ᠰᠢᠯᠪᠢ ᠨᠢ ᠨᠠᠷᠢᠨ᠂ ᠲᠠᠪᠠᠭ ᠨᠢ ᠲᠣᠮᠣ ᠪᠥᠭᠡᠳ ᠳᠥᠷᠪᠡᠯᠵᠢᠨ᠂ ᠬᠣᠶᠠᠷ ᠪᠦᠬᠦ ᠨᠢ ᠤᠷᠲᠤ ᠮᠥᠷᠲᠡᠭᠡᠨ ᠪᠦᠳᠦᠭᠦᠨ᠃ ᠪᠠᠭ᠎ᠠ ᠪᠠᠢᠬᠤ ᠳ᠋ᠤ᠌ ᠤᠨᠤᠭᠠᠳ ᠶᠠᠪᠤᠬᠤ ᠳ᠋ᠤ᠌ ᠪᠦᠬᠦ ᠶ᠋ᠢᠨ ᠲᠤᠭ ᠨᠢ ᠨᠢᠳᠦ ᠬᠠᠭᠠᠭᠠᠳ ᠡᠮᠦᠨ᠎ᠡ ᠲᠠᠯ᠎ᠠ ᠶ᠋ᠢᠨ ᠵᠠᠮ ᠦᠵᠡᠭᠳᠡᠳᠡᠭ ᠦᠭᠡᠢ ᠪᠠᠢᠭᠰᠠᠨ᠃ ᠰᠠᠢᠬᠠᠨ ᠥᠩ ᠲᠠᠷᠭᠤ ᠲᠠᠢ ᠵᠢᠯ ᠳ᠋ᠦ᠍ ᠪᠦᠳᠦᠭᠦᠨ ᠬᠥᠮᠦᠨ ᠤᠨᠤᠬᠤ ᠳ᠋ᠤ᠌ ᠬᠣᠶᠠᠷ ᠪᠦᠬᠦ ᠶ᠋ᠢᠨ ᠳᠤᠮᠳᠠ ᠵᠠᠢ ᠨᠢ ᠲᠤᠩ ᠰᠢᠬᠠᠭᠤ ᠪᠠᠢᠵᠤ ᠨᠡᠩ ᠴᠦ᠍ ᠮᠣᠷᠳᠠᠬᠤ ᠪᠠ ᠪᠠᠭᠤᠬᠤ ᠳ᠋ᠤ᠌ ᠬᠣᠶᠠᠷ ᠪᠦᠬᠦ ᠳ᠋ᠦ᠍ ᠨᠢ ᠬᠥᠯ ᠲᠡᠭᠡᠭᠯᠡᠭᠡᠳ ᠲᠤᠩ ᠵᠦᠳᠡᠷᠡᠵᠦ ᠪᠠᠢᠵᠤ ᠨᠢᠷᠤᠭᠤᠨ ᠳᠡᠭᠡᠷ᠎ᠡ ᠨᠢ ᠭᠠᠷᠳᠠᠭ᠃ ᠲᠡᠮᠡᠭᠡ ᠪᠡᠨ ᠤᠨᠤᠭᠰᠠᠨ ᠤ᠋ ᠳᠠᠷᠠᠭ᠎ᠠ᠂ ᠲᠡᠮᠡᠭᠡᠨ ᠳᠡᠭᠡᠷ᠎ᠡ ᠡᠴᠡ ᠪᠡᠨ ᠤᠨᠤᠭᠰᠠᠨ ᠲᠡᠮᠡᠭᠡ ᠪᠡᠨ ᠬᠡᠪᠲᠡᠭᠦᠯᠵᠦ ᠳᠡᠢᠯᠬᠦ ᠦᠭᠡᠢ ᠲᠤᠯᠠ ᠪᠠᠭᠤᠬᠤ ᠳ᠋ᠤ᠌ ᠨᠡᠩ ᠲᠦᠪᠡᠭ ᠲᠡᠢ ᠪᠠᠢᠳᠠᠭ᠃ ᠲᠡᠢᠮᠦ ᠡᠴᠡ ᠬᠣᠶᠠᠷ ᠪᠦᠬᠦ ᠡᠴᠡ ᠨᠢ ᠳ᠋ᠠᠯᠢᠩᠪᠣᠷᠤ ᠭᠡᠵᠦ ᠨᠡᠷ᠎ᠡ ᠥᠭᠭᠦᠭᠰᠡᠨ ᠭᠡᠵᠦ ᠡᠵᠢ ᠮᠢᠨᠢ ᠬᠡᠯᠡᠳᠡᠭ᠃
ᠡᠨᠡ ᠠᠳᠠ ᠪᠣᠯ ᠮᠠᠨ ᠤ᠋ ᠬᠠᠭᠤᠴᠢᠨ ᠲᠡᠮᠡᠭᠡᠨ ᠦ᠌ ᠤᠭ᠂ ᠬᠤᠷᠰᠢᠶ᠎ᠠ ᠨᠢᠭᠡᠳᠦᠯ ᠳ᠋ᠦ᠍ ᠣᠷᠣᠭᠤᠯᠤᠭᠰᠠᠨ ᠦᠭᠡᠢ ᠬᠤᠪᠢ ᠶ᠋ᠢᠨ ᠲᠡᠮᠡᠭᠡ ᠶᠤᠮ᠃ ᠮᠢᠩᠭ᠎ᠠ ᠶᠢᠰᠦᠨ ᠵᠠᠭᠤᠨ ᠲᠠᠪᠢᠨ ᠳᠥᠷᠪᠡᠨ ᠣᠨ ᠤ᠋ ᠪᠣᠲᠣᠭᠣ᠂ ᠨᠠᠳᠠ ᠲᠠᠢ ᠨᠠᠰᠤ ᠰᠠᠴᠠᠭᠤ᠂ ᠨᠢᠭᠡ ᠵᠢᠯ ᠦ᠋ᠨ ᠲᠥᠯ ᠭᠡᠨ᠎ᠡ ᠯᠠᠢ᠃
ᠡᠨᠡ ᠠᠳᠠ ᠠᠬ᠎ᠠ ᠳᠡᠭᠦᠦ ᠭᠤᠷᠪᠠᠨ ᠡᠷ᠎ᠡ ᠪᠣᠲᠣᠭᠣ ᠪᠠᠢᠵᠤ᠂ ᠬᠠᠮᠤᠭ ᠶᠡᠬᠡ ᠨᠢ ᠶᠡᠬᠡ ᠰᠢᠷ᠎ᠠ᠂ ᠳᠤᠮᠳᠠᠬᠢ ᠨᠢ ᠪᠠᠭ᠎ᠠ ᠰᠢᠷ᠎ᠠ᠂ ᠬᠠᠮᠤᠭ ᠪᠠᠭ᠎ᠠ ᠶ᠋ᠢ ᠨᠢ ᠳ᠋ᠠᠯᠢᠩᠪᠣᠷᠣ ᠭᠡᠳᠡᠭ ᠨᠡᠷ᠎ᠡ ᠲᠡᠢ᠂ ᠶᠡᠬᠡ ᠰᠢᠷ᠎ᠠ ᠨᠢ ᠨᠠᠮᠠᠶ᠋ᠢ ᠪᠠᠭ᠎ᠠ ᠪᠠᠢᠬᠤ ᠳ᠋ᠤ᠌ ᠬᠥᠭᠰᠢᠷᠡᠭᠡᠳ ᠦᠭᠡᠢ ᠪᠣᠯᠵᠤ᠂ ᠪᠠᠭ᠎ᠠ ᠰᠢᠷ᠎ᠠ ᠨᠢ ᠨᠢᠭᠡ ᠮᠢᠩᠭ᠎ᠠ ᠶᠢᠰᠦᠨ ᠵᠠᠭᠤᠨ ᠵᠢᠷᠠᠨ ᠬᠡᠳᠦᠨ ᠣᠨ ᠳ᠋ᠤ᠌ ᠶᠡᠬᠡ ᠪᠣᠷᠣᠭᠠᠨ ᠤ᠋ ᠬᠠᠭᠤᠷᠠᠢ ᠦᠶᠡᠷ ᠦ᠋ᠨ ᠤᠰᠤᠨ ᠳ᠋ᠤ᠌ ᠳᠠᠭᠠᠷᠢᠭᠳᠠᠭᠠᠳ᠂ ᠲᠤᠱᠠᠭ᠎ᠠ ᠲᠠᠢ ᠪᠠᠢᠭᠰᠠᠨ ᠪᠣᠯᠬᠣᠷ ᠮᠥᠯᠬᠥᠭᠰᠡᠭᠡᠷ ᠪᠠᠢᠭᠠᠳ ᠭᠣᠣᠯ ᠤ᠋ᠨ ᠡᠷᠭᠢ ᠳ᠋ᠦ᠍ ᠭᠠᠷᠴᠤ ᠢᠷᠡᠬᠦ ᠳ᠋ᠦ᠍ ᠬᠦᠨᠳᠦ ᠰᠢᠷᠬᠠᠲᠤᠵᠠᠢ᠂ ᠡᠮᠦᠨ᠎ᠡ ᠬᠣᠶᠠᠷ ᠡᠪᠦᠳᠦᠭ ᠦ᠋ᠨ ᠶᠠᠰᠤ ᠨᠢ ᠭᠠᠷᠴᠢᠬᠠᠭᠰᠠᠨ ᠪᠠᠢᠭᠰᠠᠨ᠃ ᠲᠡᠭᠡᠭᠡᠳ ᠪᠢᠳᠡ ᠨᠠᠷ ᠠᠷᠪᠠᠨ ᠬᠡᠳᠦᠨ ᠡᠳᠦᠷ ᠬᠡᠪᠲᠡᠷᠢ ᠳ᠋ᠦ᠍ ᠨᠢ ᠲᠡᠵᠢᠭᠡᠵᠦ ᠪᠠᠢᠭᠠᠳ ᠦᠬᠦᠭᠰᠡᠨ ᠪᠢᠯᠡ᠃ ᠲᠡᠷᠡ ᠦᠶ᠎ᠡ ᠳ᠋ᠦ᠍ ᠮᠠᠯ ᠡᠮᠨᠡᠯᠭᠡ ᠶ᠋ᠢᠨ ᠨᠥᠬᠥᠴᠡᠯ ᠲᠤᠩ ᠳᠤᠲᠠᠮᠠᠭ ᠪᠠᠢᠭᠰᠠᠨ ᠶᠤᠮ ᠴᠢᠨᠢ ᠠᠷᠭ᠎ᠠ ᠦᠭᠡᠢ ᠯᠡ ᠪᠣᠯᠵᠠᠢ᠃ ᠮᠠᠨᠠᠢᠬᠢᠨ ᠪᠠᠷᠢᠭᠠᠳᠠ ᠶ᠋ᠢᠨ ᠨᠢᠭᠡ ᠬᠣᠲᠠ ᠪᠠᠭ᠎ᠠ ᠮᠠᠯ ᠬᠠᠷᠢᠭᠤᠯᠳᠠᠭ᠂ ᠭᠡᠪᠡᠴᠦ ᠨᠡᠭᠦᠵᠦ ᠰᠠᠭᠤᠬᠤ᠂ ᠤᠰᠤ ᠪᠣᠷᠳᠣᠭ᠎ᠠ ᠠᠴᠢᠬᠤ᠂ ᠬᠣᠯᠠ ᠣᠢᠷ᠎ᠠ ᠶᠠᠪᠤᠬᠤ ᠬᠡᠷᠡᠭᠴᠡᠭᠡᠨ ᠡᠴᠡ ᠪᠣᠯᠵᠤ᠂ ᠪᠠᠷᠢᠭᠠᠳᠠ ᠠ᠋ᠴᠠ ᠨᠢᠭᠡ ᠬᠣᠲᠠ ᠪᠠᠭ᠎ᠠ ᠮᠠᠯ ᠤ᠋ᠨ ᠳᠡᠭᠡᠷ᠎ᠡ ᠪᠠᠰᠠ ᠲᠡᠮᠡᠭᠡ ᠳᠠᠭᠠᠭᠠᠴᠢᠯᠠᠭᠤᠯᠵᠤ ᠥᠭᠳᠡᠭ᠃ ᠮᠠᠨ ᠤ᠋ ᠳ᠋ᠤ᠌ ᠬᠤᠪᠢ ᠶ᠋ᠢᠨ ᠲᠡᠮᠡᠭᠡ᠂ ᠬᠠᠮᠲᠤ ᠶ᠋ᠢᠨ ᠨᠡᠢᠯᠡᠭᠡᠳ ᠵᠢᠷᠭᠤᠭ᠎ᠠ ᠠ᠋ᠴᠠ ᠳᠣᠯᠣᠭᠠᠨ ᠲᠡᠮᠡᠭᠡ ᠪᠠᠢᠳᠠᠭ ᠪᠠᠢᠭᠰᠠᠨ᠂ ᠬᠠᠷᠢᠨ ᠡᠨᠡ ᠭᠤᠷᠪᠠᠨ ᠠᠳᠠ ᠪᠣᠯ ᠬᠣᠷᠰᠢᠶᠠᠵᠢᠯ ᠳ᠋ᠤ᠌ ᠣᠷᠣᠭᠤᠯᠤᠭ᠎ᠠ ᠦᠭᠡᠢ ᠬᠤᠪᠢ ᠶ᠋ᠢᠨ ᠲᠡᠮᠡᠭᠡ ᠶᠤᠮ᠃
ᠳ᠋ᠠᠯᠢᠩᠪᠣᠷᠤ ᠭᠡᠵᠦ ᠪᠤᠰᠤᠳ ᠲᠡᠮᠡᠭᠡ ᠡᠴᠡ ᠤᠨᠤᠵᠤ ᠠᠴᠢᠶᠠᠯᠠᠬᠤ ᠳ᠋ᠤ᠌ ᠳᠠᠭᠠᠭᠠᠴᠠ ᠲᠠᠢ ᠮᠠᠯ ᠶᠤᠮ᠃ ᠥᠪᠡᠷ ᠦ᠋ᠨ ᠬᠥᠮᠦᠨ (ᠮᠠᠨᠠᠢᠬᠢᠨ ) ᠭᠤᠶ᠎ᠠ᠂ ᠴᠠᠪᠢ ᠶ᠋ᠢ ᠨᠢ ᠢᠯᠪᠢᠵᠦ ᠮᠠᠭᠠᠵᠢᠵᠤ ᠪᠠᠢᠭᠰᠠᠨ ᠴᠤ᠌ ᠲᠡᠷᠡ᠂ ᠬᠡᠦᠬᠡᠳ ᠳᠥᠷᠪᠡᠨ ᠬᠥᠯ ᠳᠣᠭᠤᠤᠷ ᠨᠢ ᠮᠥᠯᠬᠥᠵᠦ ᠪᠠᠢᠭᠰᠠᠨ ᠴᠤ᠌ ᠲᠡᠷᠡ᠂︽ᠲᠡᠭᠡᠵᠦ ᠯᠡ ᠪᠠᠢᠳᠠᠭ ᠶᠤᠮ︾ ᠭᠡᠰᠡᠨ ᠶᠠᠩᠵᠤ ᠲᠠᠢ ᠠᠵᠢᠭ ᠴᠤ᠌ ᠦᠭᠡᠢ ᠬᠡᠪᠢᠭᠡᠳ ᠵᠣᠭᠰᠣᠵᠤ ᠯᠠ ᠪᠠᠢᠳᠠᠭ᠂ ᠲᠤᠩ ᠶᠡᠬᠡ ᠡᠭᠳᠡᠭᠦᠦ ᠨᠢ ᠬᠦᠷᠪᠡᠯ ᠡᠷᠭᠢᠵᠦ ᠢᠷᠡᠭᠡᠳ ᠨᠢᠭᠡ ᠮᠠᠭᠤᠬᠠᠢ ᠬᠠᠷᠠᠳᠠᠭ᠂ ᠤᠨᠤᠵᠤ ᠠᠴᠢᠬᠤ ᠳ᠋ᠤ᠌ ᠬᠡᠪᠲᠡᠵᠦ ᠯᠡ ᠪᠠᠢᠳᠠᠭ᠂ ᠬᠡᠦᠬᠡᠳ᠂ ᠬᠥᠭᠰᠢᠳ ᠮᠠᠴᠤᠵᠤ ᠮᠠᠴᠤᠵᠤ ᠨᠢᠷᠤᠭᠤᠨ ᠳᠡᠭᠡᠷ᠎ᠡ ᠨᠢ ᠭᠠᠷᠬᠤ ᠳ᠋ᠤ᠌ ᠬᠥᠳᠡᠯᠳᠡᠭ ᠴᠦ᠍ ᠦᠭᠡᠢ᠂ ᠪᠣᠰᠳᠠᠭ ᠴᠤ᠌ ᠦᠭᠡᠢ᠂ ᠶᠡᠷᠦ ᠡᠴᠡ ᠪᠡᠨ ᠪᠣᠰᠤᠨ ᠬᠠᠷᠠᠢᠳᠠᠭ ᠦᠭᠡᠢ᠂ ᠨᠡᠭᠦᠳᠡᠯᠯᠡᠬᠦ ᠳ᠋ᠦ᠍ ᠠᠴᠢᠶ᠎ᠠ ᠠᠴᠢᠬᠤ ᠳ᠋ᠠᠭᠠᠨ ᠬᠠᠮᠤᠭ ᠤ᠋ᠨ ᠳᠠᠭᠤ ᠴᠢᠮᠡᠭᠡ ᠭᠠᠷᠳᠠᠭ᠂ ᠪᠠᠯᠪᠠᠷᠠᠬᠤ ᠳ᠋ᠤ᠌ ᠠᠮᠠᠷᠬᠠᠨ ᠠᠶᠠᠭ᠎ᠠ ᠰᠢᠨᠠᠭ᠎ᠠ᠂ ᠲᠣᠭᠣᠭ᠎ᠠ ᠬᠠᠢᠰᠤ᠂ ᠰᠠᠪᠠ ᠰᠠᠭᠤᠯᠠᠭ᠎ᠠ ᠵᠡᠷᠭᠡ ᠪᠡᠨ ᠲᠡᠭᠦᠨ ᠳᠡᠭᠡᠷ᠎ᠡ ᠪᠡᠨ ᠠᠴᠢᠳᠠᠭ᠃ ᠠᠶᠠᠨ ᠶᠠᠪᠤᠬᠤ ᠳ᠋ᠠᠭᠠᠨ ᠪᠦᠷ ᠭᠠᠷ ᠲᠠᠭᠠᠨ ᠬᠥᠲᠥᠯᠳᠡᠭ᠂ ᠲᠡᠮᠡᠭᠡᠨ ᠦ᠌ ᠠᠷᠤ ᠳ᠋ᠤ᠌ ᠴᠥᠷᠬᠡᠯᠡᠭᠡ ᠴᠥᠷᠬᠡᠯᠡᠪᠡᠯ ᠡᠮᠦᠨᠡᠰᠢ ᠳᠠᠭᠠᠷᠢᠭᠠᠳ ᠪᠠᠢᠳᠠᠭ ᠲᠡᠢᠮᠦ ᠲᠡᠮᠡᠭᠡ ᠪᠠᠢᠯ᠎ᠠ᠃
ᠡᠨᠡ ᠠᠳᠠ ᠬᠠᠮᠠᠷ ᠬᠠᠲᠠᠭᠤ᠂ ᠶᠠᠪᠤᠳᠠᠯ ᠬᠠᠲᠠᠭᠤ ᠲᠤᠯᠠ ᠪᠠᠷᠤᠭ ᠲᠠᠢ ᠬᠥᠮᠦᠨ ᠬᠠᠮᠠᠷ ᠢ᠋ ᠨᠢ ᠳᠡᠢᠯᠳᠡᠭ ᠦᠭᠡᠢ᠂ ᠳᠡᠭᠡᠷ᠎ᠡ ᠨᠢ ᠤᠨᠤᠴᠢᠬᠠᠭᠠᠳ ᠪᠤᠷᠠᠨᠲᠠᠭ ᠢ᠋ ᠨᠢ ᠭᠠᠷ ᠲᠠᠭᠠᠨ ᠬᠣᠶᠠᠷ ᠣᠷᠢᠶᠠᠭᠠᠳ ᠪᠠᠷᠢᠵᠤ ᠪᠠᠢᠬᠤ ᠳ᠋ᠤ᠌ ᠵᠠᠮ ᠤ᠋ᠨ ᠬᠠᠵᠠᠭᠤ ᠶ᠋ᠢᠨ ᠡᠪᠡᠰᠦ ᠶ᠋ᠢ ᠦᠵᠡᠭᠡᠳ ᠬᠦᠵᠦᠭᠦᠦ ᠪᠡᠨ ᠬᠤᠷᠢᠶᠠᠭᠠᠳ ᠲᠣᠯᠣᠭᠠᠢ ᠪᠠᠨ ᠨᠢᠭᠡ ᠯᠡ ᠬᠥᠨᠲᠥᠷᠬᠦ ᠳ᠋ᠦ᠍ ᠭᠠᠷ ᠢ᠋ ᠭᠠᠯ ᠪᠤᠲᠠᠷᠠᠲᠠᠯ᠎ᠠ ᠬᠠᠯᠠᠭᠠᠭᠠᠳ ᠪᠤᠷᠠᠨᠲᠠᠭ ᠢ᠋ᠶ᠋ᠠᠨ ᠰᠢᠪᠲᠤᠯᠤᠨ ᠠᠪᠳᠠᠭ᠂ ᠵᠠᠷᠢᠮ ᠳ᠋ᠠᠭᠠᠨ ᠪᠤᠷᠠᠨᠲᠠᠭ ᠢ᠋ ᠨᠢ ᠬᠤᠷᠳᠤᠨ ᠲᠠᠯᠪᠢᠵᠤ ᠥᠭᠬᠦ ᠦᠭᠡᠢ ᠪᠣᠯ ᠡᠮᠦᠨᠡᠰᠢ ᠪᠡᠨ ᠲᠠᠲᠠᠵᠤ ᠤᠨᠠᠭᠠᠬᠤ ᠠᠶᠤᠯ ᠭᠠᠷᠳᠠᠭ᠃ ᠬᠥᠮᠦᠨ ᠦ᠌ ᠳᠤᠷ᠎ᠠ ᠦᠭᠡᠢ ᠶ᠋ᠢ ᠬᠦᠷᠭᠡᠬᠦ ᠳ᠋ᠦ᠍ ᠪᠤᠷᠠᠨᠲᠠᠭ ᠢ᠋ ᠨᠢ ᠬᠡᠳᠦᠢ ᠬᠦᠴᠦᠲᠡᠢ ᠳᠤᠭᠲᠤᠷᠴᠤ ᠪᠠᠢᠭᠰᠠᠨ ᠴᠤ᠌ ᠳᠠᠭᠤ ᠭᠠᠷᠳᠠᠭ ᠦᠭᠡᠢ᠂ ᠪᠠᠷᠬᠢᠷᠠᠳᠠᠭ ᠦᠭᠡᠢ ᠵᠦᠭᠡᠷ ᠯᠡ ᠬᠥᠮᠦᠨ ᠤᠷᠤᠭᠤ ᠮᠠᠭᠤᠬᠠᠢ ᠰᠢᠭ᠋ ᠬᠠᠷᠠᠵᠤ ᠪᠠᠢᠳᠠᠭ᠃ ᠵᠠᠮ ᠶᠠᠪᠤᠬᠤ ᠳ᠋ᠤ᠌ ᠬᠦᠵᠦᠭᠦᠦ ᠪᠡᠨ ᠪᠠᠭ᠎ᠠ ᠡᠮᠦᠨᠡᠰᠢ ᠲᠠᠯᠪᠢᠵᠤ ᠢᠷᠡᠭᠡᠳ ᠯᠡ ᠠᠯᠬᠤᠭᠠᠳ ᠢᠷᠡᠬᠦ ᠳ᠋ᠦ᠍ ᠬᠠᠮᠲᠤ ᠶᠠᠪᠤᠭᠰᠠᠨ ᠲᠡᠮᠡᠭᠡ ᠪᠦᠷ ᠯᠡ ᠱᠣᠭᠰᠢᠵᠤ ᠲᠡᠰᠢᠬᠦ ᠳᠡᠭᠡᠷ᠎ᠡ ᠲᠤᠯᠳᠠᠭ᠃ ᠬᠣᠯᠠ ᠶ᠋ᠢᠨ ᠵᠠᠮ ᠳ᠋ᠤ᠌ ᠶᠠᠪᠤᠬᠤ ᠳ᠋ᠤ᠌ ᠱᠣᠭᠰᠢᠨ ᠪᠥᠬᠥᠢᠭᠡᠳ ᠡᠪᠡᠰᠦ ᠳᠠᠭᠠᠷᠢᠵᠤ ᠢᠳᠡᠭᠡᠳ ᠶᠠᠪᠤᠳᠠᠭ᠃ ᠤᠨᠤᠭᠠᠨ ᠳᠡᠭᠡᠷ᠎ᠡ ᠡᠴᠡ ᠡᠪᠡᠰᠦ ᠰᠢᠭᠦᠷᠡᠳᠡᠭ ᠲᠡᠮᠡᠭᠡ ᠶᠠᠪᠤᠳᠠᠯ ᠳ᠋ᠤ᠌ ᠴᠤ᠌ ᠰᠠᠭᠠᠳ ᠪᠣᠯᠳᠠᠭ ᠦᠭᠡᠢ ᠮᠥᠷᠲᠡᠭᠡᠨ ᠥᠪᠡᠷ ᠢ᠋ᠶ᠋ᠡᠨ ᠴᠦ᠍ ᠶᠠᠪᠤᠵᠤ ᠪᠠᠢᠭᠠᠳ ᠢᠳᠡᠭᠡᠳ ᠴᠠᠳᠴᠢᠬᠠᠳᠠᠭ᠂ ᠲᠡᠭᠡᠵᠦ ᠲᠤᠰᠬᠠᠢ ᠲᠠᠯᠪᠢᠵᠤ ᠢᠳᠡᠭᠦᠯᠬᠦ ᠴᠢᠬᠤᠯᠠ ᠦᠭᠡᠢ ᠪᠠᠢᠳᠠᠭ᠃ ᠲᠡᠷᠡ ᠦᠶ᠎ᠡ ᠳ᠋ᠦ᠍ ᠤᠨᠤᠬᠤ ᠲᠡᠮᠡᠭᠡ ᠠᠷᠪᠢᠨ ᠪᠣᠯᠪᠠᠴᠤ ᠤᠨᠤᠭᠠᠨ ᠳᠡᠭᠡᠷ᠎ᠡ ᠡᠴᠡ ᠢᠳᠡᠳᠡᠭ (ᠤᠨᠤᠵᠤ ᠶᠠᠪᠤᠬᠤ ᠶ᠋ᠢᠨ ᠳᠠᠭᠠᠤ ᠡᠪᠡᠰᠦ ᠢᠳᠡᠬᠦ ) ᠲᠡᠮᠡᠭᠡ ᠲᠤᠩ ᠴᠥᠭᠡᠨ᠃
ᠡᠨᠡ ᠲᠡᠮᠡᠭᠡ ᠤᠶᠠᠭ᠎ᠠ ᠲᠠᠢᠯᠬᠤ ᠳ᠋ᠠᠭᠠᠨ ᠲᠤᠩ ᠮᠡᠷᠭᠡᠨ᠂ ᠶᠠᠮᠠᠷ ᠤᠶᠠᠭᠠᠨ ᠠ᠋ᠴᠠ ᠶᠠᠭᠠᠬᠢᠵᠤ ᠤᠶᠠᠯᠠ ᠭᠡᠳ ᠪᠦᠷ ᠲᠠᠢᠯᠵᠤ ᠳᠡᠢᠯᠳᠡᠭ᠂ ᠤᠶᠠᠭᠠᠨ ᠳᠡᠭᠡᠷ᠎ᠡ ᠨᠢ ᠮᠠᠯ ᠤ᠋ᠨ ᠪᠠᠭᠠᠰᠤ ᠳᠦᠷᠭᠢᠭᠡᠳ ᠴᠦ᠍ ᠬᠡᠷᠡᠭ ᠪᠣᠯᠳᠠᠭ ᠦᠭᠡᠢ᠂ ᠤᠷᠤᠭᠤᠯ ᠢ᠋ᠶ᠋ᠠᠨ ᠢᠷᠵᠠᠢᠯᠭᠠᠭᠠᠳ ᠰᠢᠲᠦ ᠪᠡᠷ ᠢ᠋ᠶ᠋ᠡᠨ ᠬᠠᠵᠠᠭᠰᠠᠭᠠᠷ ᠪᠠᠢᠭᠠᠳ ᠲᠠᠢᠯᠤᠭᠠᠳ ᠠᠪᠳᠠᠭ᠃ ᠠᠢᠯ ᠳ᠋ᠤ᠌ ᠶᠤᠮ ᠤᠤ ᠡᠰᠡᠪᠡᠯ ᠭᠡᠷ ᠲᠡᠭᠡᠨ ᠢᠵᠢᠯᠢ ᠲᠡᠢ ᠨᠢ ᠬᠠᠮᠲᠤ ᠤᠶᠠᠭᠠᠳ ᠬᠡᠷᠡᠭ ᠪᠠᠢᠳᠠᠭ ᠦᠭᠡᠢ᠂ ᠥᠪᠡᠷ ᠦ᠋ᠨ ᠤᠶᠠᠭ᠎ᠠ ᠪᠠᠨ ᠲᠠᠢᠯᠬᠤ ᠪᠠᠷ ᠪᠠᠷᠠᠬᠤ ᠦᠭᠡᠢ᠂ ᠢᠵᠢᠯᠢ ᠶ᠋ᠢᠨ ᠢ᠋ᠶ᠋ᠡᠨ ᠤᠶᠠᠭ᠎ᠠ ᠶ᠋ᠢ ᠪᠦᠭᠦᠳᠡ ᠶ᠋ᠢ ᠨᠢ ᠲᠠᠢᠯᠵᠤ ᠠᠪᠤᠭᠠᠳ ᠬᠠᠮᠲᠤ ᠳ᠋ᠤ᠌ ᠪᠠᠨ ᠶᠠᠪᠤᠭᠠᠳ ᠥᠭᠳᠡᠭ᠃ ᠤᠶᠠᠬᠤ ᠴᠢᠬᠤᠯᠠ ᠲᠠᠢ ᠦᠶ᠎ᠡ ᠳ᠋ᠦ᠍ ᠬᠣᠶᠠᠷ ᠡᠮᠦᠨ᠎ᠡ ᠬᠥᠯ ᠢ᠋ ᠨᠢ ᠪᠠᠭᠯᠠᠵᠤ ᠯᠠ ᠬᠠᠶᠠᠬᠤ ᠠ᠋ᠴᠠ ᠥᠭᠡᠷ᠎ᠡ ᠠᠷᠭ᠎ᠠ ᠪᠠᠢᠳᠠᠭ ᠦᠭᠡᠢ᠃
ᠳ᠋ᠠᠯᠢᠩᠪᠣᠷᠤ ᠨᠠᠳᠠᠳᠤ ᠶᠡᠬᠡ ᠯᠡ ᠲᠠᠭᠠᠰᠢᠶᠠᠯ ᠲᠠᠢ ᠪᠠᠢᠳᠠᠭ᠂ ᠬᠡᠳᠦᠢᠪᠡᠷ ᠶᠠᠪᠤᠳᠠᠯ ᠨᠢ ᠬᠠᠲᠠᠭᠤ ᠪᠣᠯᠪᠠᠴᠤ᠂ ᠣᠨᠴᠠᠭᠠᠢ ᠤᠴᠢᠷ ᠶᠠᠪᠤᠳᠠᠯ ᠳ᠋ᠤ᠌ ᠵᠠᠪᠠᠯ ᠲᠡᠭᠦᠨ ᠢ᠋ ᠯᠡ ᠤᠨᠤᠵᠤ ᠡᠳ᠋ᠯᠡᠬᠦ ᠤᠴᠢᠷ ᠪᠣᠯᠳᠠᠭ᠃ ᠵᠢᠱ᠌ᠢᠶᠡᠯᠡᠪᠡᠯ᠂ ᠰᠥᠨᠢ ᠵᠠᠮ ᠬᠥᠭᠡᠭᠡᠵᠦ ᠠᠢᠯ ᠡᠷᠢᠬᠦ᠂ ᠤᠰᠤ ᠡᠷᠢᠬᠦ ᠵᠡᠷᠭᠡ ᠳ᠋ᠦ᠍ ᠲᠡᠷᠡ ᠮᠢᠨᠢ ᠬᠥᠮᠦᠨ ᠡᠴᠡ ᠴᠦ᠍ ᠮᠡᠷᠭᠡᠨ᠃ ᠮᠢᠩᠭ᠎ᠠ ᠶᠢᠰᠦᠨ ᠵᠠᠭᠤᠨ ᠳᠠᠯᠠᠨ ᠣᠨ᠂ ᠳᠠᠯᠠᠨ ᠨᠢᠭᠡᠨ ᠣᠨ ᠳ᠋ᠤ᠌ ᠮᠠᠯᠴᠢᠳ ᠢ᠋ ᠳᠤᠭᠤᠢᠯᠠᠩ ᠬᠤᠪᠢᠶᠠᠵᠤ ᠠᠷᠪᠢᠨ ᠰᠤᠷᠤᠯᠴᠠᠭᠤᠯᠳᠠᠭ ᠪᠠᠢᠭᠰᠠᠨ᠂ ᠪᠠᠷᠤᠭ ᠠᠷᠪᠠ ᠬᠣᠨᠣᠭ ᠲᠤ᠌ ᠨᠢᠭᠡ ᠤᠳᠠᠭᠠᠨ ᠤ᠋ ᠰᠤᠷᠤᠯᠴᠠᠯᠭ᠎ᠠ ᠪᠠᠢᠳᠠᠭ᠃ ᠭᠡᠬᠦ ᠳ᠋ᠡᠭᠡᠨ ᠡᠨᠡ ᠰᠤᠷᠤᠯᠴᠠᠯᠭ᠎ᠠ ᠨᠢ ᠡᠳᠦᠷ ᠪᠠᠢᠵᠤ ᠪᠣᠯᠳᠠᠭ ᠦᠭᠡᠢ᠂ ᠡᠳᠦᠷ ᠪᠣᠯ ᠪᠦᠭᠦᠳᠡᠭᠡᠷ ᠢ᠋ᠶ᠋ᠡᠨ ᠬᠣᠨᠢ᠂ ᠢᠮᠠᠭ᠎ᠠ᠂ ᠲᠡᠮᠡᠭᠡ ᠮᠠᠯ ᠲᠥᠯ ᠭᠡᠳ ᠶᠠᠭᠠᠷᠠᠤ ᠤᠴᠢᠷ ᠠ᠋ᠴᠠ ᠣᠴᠢᠬᠤ ᠬᠥᠮᠦᠨ ᠦᠭᠡᠢ᠂ ᠡᠢᠮᠦ ᠡᠴᠡ ᠣᠷᠣᠢ ᠰᠥᠨᠢ ᠯᠡ ᠴᠤᠭᠯᠠᠷᠠᠵᠤ ᠬᠤᠷᠠᠳᠠᠭ᠃ ᠮᠠᠨ ᠤ᠋ ᠪᠠᠭ᠎ᠠ ᠳᠤᠭᠤᠢᠯᠠᠩ ᠳ᠋ᠤ᠌ ᠠᠷᠪᠠᠭᠠᠳ ᠡᠷᠦᠬᠡ ᠲᠡᠢ ᠪᠣᠯᠪᠠᠴᠤ ᠦᠰᠦᠭ ᠲᠠᠨᠢᠬᠤ ᠬᠥᠮᠦᠨ ᠴᠥᠭᠡᠨ᠂ ᠨᠡᠩ ᠢᠯᠠᠩᠭᠤᠶ᠎ᠠ ᠮᠠᠲ᠋ᠧᠷᠢᠶᠠᠯ ᠤᠩᠰᠢᠬᠤ ᠬᠥᠮᠦᠨ ᠪᠠᠷᠤᠭ ᠪᠠᠢᠳᠠᠭ ᠦᠭᠡᠢ᠂ ᠨᠢᠭᠡ ᠬᠣᠶᠠᠷ ᠦᠰᠦᠭ ᠲᠠᠨᠢᠬᠤ ᠬᠥᠮᠦᠨ ᠪᠠᠢᠪᠠᠴᠤ ᠶᠠᠳᠠᠷᠠᠭᠤ᠂ ᠮᠧᠶᠢᠶᠢᠦ ᠳ᠋ᠧᠩ (ᠨᠡᠭᠦᠷᠡᠰᠦᠨ ᠲᠣᠰᠣᠨ ᠳ᠋ᠧᠩ ) ᠦ᠋ᠨ ᠭᠡᠷᠡᠯ ᠳ᠋ᠦ᠍ ᠦᠵᠡᠬᠦ ᠦᠭᠡᠢ ᠡᠴᠡ ᠪᠣᠯᠵᠤ ᠪᠤᠷᠤᠭᠤ ᠬᠠᠵᠠᠭᠠᠢ᠂ ᠬᠠᠭᠠᠰ ᠬᠤᠭᠤᠰ ᠯᠠ ᠤᠩᠰᠢᠵᠤ ᠬᠡᠯᠡᠵᠦ ᠲᠡᠭᠦᠰᠬᠡᠳᠡᠭ᠃ ᠮᠢᠨᠦ ᠦᠶ᠎ᠡ ᠶ᠋ᠢᠨ ᠬᠡᠳᠦᠨ ᠬᠡᠦᠬᠡᠨ ᠨᠦ᠍ᠭᠦᠳ ᠪᠠᠢᠳᠠᠭ ᠪᠣᠯᠪᠠᠴᠤ ᠰᠥᠨᠢ ᠶ᠋ᠢᠨ ᠬᠤᠷᠠᠯ ᠪᠣᠯᠬᠣᠷ ᠪᠠᠷᠤᠭ ᠨᠢ ᠣᠴᠢᠳᠠᠭ ᠦᠭᠡᠢ᠂ ᠪᠢ ᠮᠣᠩᠭᠣᠯ ᠮᠠᠲ᠋ᠧᠷᠢᠶᠠᠯ ᠢ᠋ᠶ᠋ᠠᠨ ᠰᠠᠢᠨ ᠤᠩᠰᠢᠳᠠᠭ ᠪᠣᠯᠬᠣᠷ ᠳᠤᠭᠤᠢᠯᠠᠩ ᠤ᠋ᠨ ᠳᠠᠷᠤᠭ᠎ᠠ ᠨᠠᠮᠠᠶ᠋ᠢ ᠣᠴᠢᠬᠤ ᠶ᠋ᠢ ᠶᠡᠬᠡ ᠱᠠᠭᠠᠷᠳᠠᠳᠠᠭ᠃ ᠰᠤᠷᠤᠯᠴᠠᠯᠭ᠎ᠠ ᠳ᠋ᠤ᠌ ᠶᠠᠪᠤᠬᠤ ᠳ᠋ᠤ᠌ ᠣᠷᠣᠢ ᠮᠠᠯ ᠠ᠋ᠴᠠ ᠪᠠᠨ ᠬᠠᠷᠢᠵᠤ ᠢᠷᠡᠭᠡᠳ ᠲᠥᠯ ᠮᠠᠯ ᠢ᠋ᠶ᠋ᠠᠨ ᠬᠥᠬᠥᠭᠦᠯᠵᠦ᠂ ᠮᠠᠯ ᠢ᠋ᠶ᠋ᠠᠨ ᠪᠣᠷᠳᠣᠭᠠᠳ ᠪᠠᠷᠠᠲᠠᠯ᠎ᠠ ᠪᠦᠷ ᠯᠡ ᠬᠠᠷᠠᠩᠭᠤᠢ ᠪᠣᠯᠴᠢᠬᠠᠳᠠᠭ᠃ ᠵᠠᠷᠢᠮ ᠳ᠋ᠠᠭᠠᠨ ᠮᠠᠯ ᠠ᠋ᠴᠠ ᠢᠷᠡᠭᠰᠡᠭᠡᠷ ᠲᠡᠮᠡᠭᠡ ᠪᠡᠨ ᠠᠪᠬᠤ ᠪᠠᠷ ᠬᠥᠳᠡᠭᠡ ᠭᠦᠶᠦᠳᠡᠭ᠂ ᠲᠡᠮᠡᠭᠡ ᠪᠡᠨ ᠠᠪᠴᠤ ᠢᠷᠡᠭᠡᠳ ᠰᠤᠷᠤᠯᠴᠠᠭᠠᠨ ᠳ᠋ᠤ᠌ ᠤᠨᠤᠵᠤ ᠶᠠᠪᠤᠨ᠎ᠠ᠃ ᠶᠠᠪᠤᠬᠤ ᠳ᠋ᠤ᠌ ᠪᠦᠷ ᠣᠷᠣᠢ ᠶ᠋ᠢᠨ ᠶᠢᠰᠦ᠂ ᠠᠷᠪᠠᠨ ᠴᠠᠭ ᠪᠣᠯᠵᠤ ᠬᠠᠷᠠᠩᠭᠤᠢ ᠪᠣᠯᠳᠠᠭ᠃ ᠰᠥᠨᠢ ᠶᠠᠪᠤᠬᠤ ᠤᠴᠢᠷ ᠠ᠋ᠴᠠ ᠳ᠋ᠠᠯᠢᠩᠪᠣᠷᠤ ᠪᠠᠨ ᠯᠠ ᠤᠨᠤᠵᠤ ᠶᠠᠪᠤᠨ᠎ᠠ᠃ ᠮᠠᠨ ᠤ᠋ ᠨᠤᠲᠤᠭ ᠲᠤ᠌ ᠠᠢᠯ ᠠᠢᠯ ᠤ᠋ᠨ ᠬᠣᠭᠣᠷᠣᠨᠳᠣ ᠪᠠᠨ ᠣᠢᠷ᠎ᠠ ᠨᠢ ᠠᠷᠪᠠᠭᠠᠳ ᠭᠠᠵᠠᠷ᠂ ᠬᠣᠯᠠ ᠨᠢ ᠬᠣᠷᠢ ᠭᠤᠴᠢᠨ ᠤ᠋ ᠭᠠᠵᠠᠷ ᠵᠠᠢᠲᠠᠢ ᠰᠠᠭᠤᠴᠢᠬᠠᠳᠠᠭ᠃ ᠲᠡᠷᠡ ᠦᠶ᠎ᠡ ᠳ᠋ᠦ᠍ ᠪᠢ ᠠᠷᠪᠠᠨ ᠲᠠᠪᠤ᠋᠂ ᠵᠢᠷᠭᠤᠭ᠎ᠠ ᠲᠠᠢ ᠯᠠ ᠪᠠᠢᠭᠰᠠᠨ᠂ ᠲᠡᠭᠡᠭᠡᠳ ᠭᠡᠷ ᠡᠴᠡ ᠪᠡᠨ ᠭᠠᠷᠤᠭᠠᠳ ᠳ᠋ᠠᠯᠢᠩᠪᠣᠷᠤ ᠪᠠᠨ ᠤᠨᠤᠭᠠᠳ ᠠᠪᠤᠪᠠᠯ ᠣᠴᠢᠬᠤ ᠭᠡᠰᠡᠨ ᠠᠢᠯ ᠵᠦᠭ ᠢ᠋ᠶ᠋ᠡᠨ ᠴᠢᠭᠯᠡᠭᠦᠯᠦᠭᠡᠳ ᠲᠠᠯᠪᠢᠪᠠᠯ᠂ ᠰᠡᠭᠦᠯ ᠢ᠋ᠶ᠋ᠡᠨ ᠵᠢᠭᠠᠬᠠᠨ ᠰᠢᠷᠪᠢᠵᠦ᠂ ᠬᠦᠵᠦᠭᠦᠦ ᠪᠡᠨ ᠤᠷᠤᠭᠤ ᠰᠢᠭ᠋ ᠲᠠᠯᠪᠢᠵᠤ ᠠᠪᠤᠭᠠᠳ ᠯᠠ ᠱᠤᠤᠭᠢᠭᠠᠳ ᠠᠯᠬᠤᠯᠠᠵᠤ ᠡᠬᠢᠯᠡᠳᠡᠭ᠂ ᠰᠢᠪᠬᠠᠷᠴᠤ᠂ ᠵᠠᠯᠠᠬᠤ ᠶ᠋ᠢᠨ ᠬᠡᠷᠡᠭ ᠶᠡᠷᠦ ᠪᠠᠢᠳᠠᠭ ᠦᠭᠡᠢ᠂ ᠬᠠᠶᠠ ᠵᠠᠷᠢᠮ ᠳ᠋ᠠᠭᠠᠨ ᠬᠣᠶᠠᠷ ᠵᠠᠮ ᠤ᠋ᠨ ᠠᠭᠤᠯᠵᠠᠷ ᠲᠤ᠌ ᠬᠦᠷᠪᠡᠯ ᠮᠡᠳᠡᠭ ᠲᠡᠳᠡᠨ ᠵᠣᠭᠰᠣᠵᠤ ᠠᠪᠬᠤ ᠮᠠᠭᠠᠳ᠂ ᠢᠩᠭᠢᠬᠦ ᠳ᠋ᠦ᠍ ᠵᠥᠪ ᠵᠠᠮ ᠤᠷᠤᠭᠤ ᠨᠢ ᠵᠠᠯᠠᠴᠢᠬᠠᠪᠠᠯ ᠲᠡᠷᠡ ᠥᠪᠡᠷ ᠢ᠋ᠶ᠋ᠡᠨ ᠠᠯᠢ ᠠᠢᠯ ᠳ᠋ᠤ᠌ ᠣᠴᠢᠬᠤ ᠪᠠᠨ ᠮᠡᠳᠡᠭᠰᠡᠨ ᠲᠡᠷᠡ᠃ ᠰᠥᠨᠢ ᠶ᠋ᠢᠨ ᠵᠠᠮ ᠳ᠋ᠤ᠌ ᠦᠨᠡᠭᠡ᠂ ᠲᠠᠤᠯᠠᠢ ᠪᠣᠰᠴᠤ ᠭᠦᠶᠦᠬᠦ ᠳ᠋ᠦ᠍ ᠳ᠋ᠠᠯᠢᠩᠪᠣᠷᠤ ᠮᠢᠨᠢ ᠶᠡᠷᠦ ᠡᠴᠡ ᠰᠣᠴᠢᠵᠤ ᠦᠷᠭᠦᠵᠦ ᠦᠰᠦᠷᠳᠡᠭ ᠦᠭᠡᠢ᠂ ᠬᠣᠶᠠᠷ ᠴᠢᠬᠢ ᠪᠡᠨ ᠳᠠᠯᠪᠠᠢᠯᠭᠠᠵᠤ᠂ ᠬᠦᠵᠦᠭᠦᠦ ᠪᠡᠨ ᠬᠤᠷᠢᠶᠠᠵᠤ ᠰᠦᠷᠡᠬᠡᠢ ᠨᠠᠭᠠᠰᠢ ᠴᠠᠭᠠᠰᠢ ᠬᠠᠷᠠᠳᠠᠭ᠂ ᠡᠨᠡ ᠦᠶ᠎ᠡ ᠳ᠋ᠦ᠍ ᠬᠠᠰᠬᠢᠷᠴᠤ ᠳᠠᠭᠤ ᠭᠠᠷᠭᠠᠵᠤ ᠴᠢᠮᠡᠭᠡ ᠥᠭᠴᠢᠬᠡᠪᠡᠯ ᠪᠣᠯᠴᠢᠬᠠᠳᠠᠭ᠃ ᠬᠡᠵᠢᠶ᠎ᠡ ᠪᠡᠶ᠎ᠡ ᠪᠡᠨ ᠵᠠᠰᠠᠭᠠᠳ ᠰᠢᠭᠡᠭᠡᠳ ᠵᠣᠭᠰᠣᠪᠠᠯ ᠲᠡᠷᠡ ᠠᠢᠯ ᠳ᠋ᠤ᠌ ᠬᠦᠷᠦᠯ᠎ᠡ ᠭᠡᠰᠡᠨ ᠦᠭᠡ᠃ ᠢᠩᠭᠢᠭᠡᠳ ᠨᠢᠷᠤᠭᠤᠨ ᠠ᠋ᠴᠠ ᠨᠢ ᠪᠠᠭᠤᠵᠤ ᠡᠪᠲᠡᠢᠬᠡᠨ ᠭᠠᠵᠠᠷ ᠣᠯᠵᠤ ᠡᠮᠦᠨ᠎ᠡ ᠬᠣᠶᠠᠷ ᠬᠥᠯ ᠢ᠋ ᠨᠢ ᠪᠠᠭᠯᠠᠬᠤ ᠶᠤᠮ ᠤᠤ᠂ ᠡᠰᠡᠪᠡᠯ ᠬᠡᠪᠲᠡᠭᠦᠯᠦᠭᠡᠳ ᠡᠮᠦᠨ᠎ᠡ ᠨᠢᠭᠡ ᠡᠪᠦᠳᠦᠭ ᠢ᠋ ᠨᠢ ᠪᠣᠭᠣᠵᠤ ᠣᠷᠬᠢᠪᠠᠯ ᠪᠣᠯᠤᠭᠰᠠᠨ ᠲᠡᠷᠡ᠃ ᠮᠠᠷᠭᠠᠰᠢ ᠥᠷᠯᠥᠭᠡ ᠨᠢ ᠦᠷ ᠰᠥᠨᠢ ᠪᠡᠷ ᠪᠣᠰᠤᠭᠠᠳ ᠨᠢᠷᠤᠭᠤᠨ ᠳᠡᠭᠡᠷ᠎ᠡ ᠨᠢ ᠰᠠᠭᠤᠭᠠᠳ ᠠᠪᠤᠪᠠᠯ ᠭᠡᠷ ᠤᠷᠤᠭᠤ ᠪᠠᠨ ᠵᠥᠩᠳᠡᠭᠡᠨ ᠱᠤᠤᠭᠢᠵᠤ (ᠶᠠᠪᠤᠵᠤ ) ᠥᠭᠳᠡᠭ᠃ ᠪᠠᠭ᠎ᠠ ᠬᠡᠦᠬᠡᠳ ᠦ᠋ᠨ ᠬᠡᠷᠡᠭ᠂ ᠰᠥᠨᠢ ᠳ᠋ᠦ᠍ ᠨᠢ ᠣᠷᠣᠢ ᠤᠨᠲᠠᠵᠤ᠂ ᠥᠷᠯᠥᠭᠡ ᠡᠷᠲᠡ ᠪᠣᠰᠤᠭᠰᠠᠨ ᠤ᠋ ᠤᠴᠢᠷ᠂ ᠵᠠᠮ ᠳ᠋ᠠᠭᠠᠨ ᠨᠣᠢᠷ ᠬᠦᠷᠴᠦ ᠲᠡᠮᠡᠭᠡᠨ ᠳᠡᠭᠡᠷ᠎ᠡ ᠪᠡᠨ ᠵᠡᠭᠦᠷᠮᠡᠭᠯᠡᠵᠦ ᠯᠡ ᠶᠠᠪᠤᠳᠠᠭ᠂ ᠭᠡᠷ ᠲᠡᠭᠡᠨ ᠬᠠᠷᠢᠵᠤ ᠪᠠᠢᠬᠤ ᠪᠣᠯᠬᠣᠷ ᠬᠠᠮᠠᠷ ᠤ᠋ᠨ ᠪᠤᠷᠠᠨᠲᠠᠭ ᠢ᠋ ᠨᠢ ᠶᠡᠷᠦ ᠵᠠᠯᠠᠬᠤ ᠶ᠋ᠢᠨ ᠬᠡᠷᠡᠭ ᠦᠭᠡᠢ ᠪᠠᠢᠳᠠᠭ᠃ ᠭᠡᠷ ᠲᠡᠭᠡᠨ ᠬᠠᠷᠢᠭᠠᠳ ᠢᠷᠡᠬᠦ ᠳ᠋ᠦ᠍ ᠮᠠᠨᠠᠢᠬᠢᠨ ᠪᠠᠷᠤᠭ ᠴᠠᠢ ᠪᠠᠨ ᠤᠤᠭᠤᠵᠤ ᠠᠮᠵᠢᠭ᠎ᠠ ᠦᠭᠡᠢ ᠪᠠᠢᠳᠠᠭ᠃ ᠭᠡᠷ ᠲᠡᠭᠡᠨ ᠢᠷᠡᠭᠡᠳ ᠳᠥᠷᠥᠭᠡ ᠲᠣᠬᠣᠮ ᠢ᠋ᠶ᠋ᠠᠨ ᠠᠪᠴᠤ ᠪᠤᠷᠠᠨᠲᠠᠭ ᠢ᠋ ᠨᠢ ᠬᠦᠵᠦᠭᠦᠨ ᠳ᠋ᠦ᠍ ᠨᠢ ᠰᠠᠢᠬᠠᠨ ᠡᠪᠬᠡᠭᠡᠳ ᠲᠠᠯᠪᠢᠴᠢᠬᠠᠪᠠᠯ ᠪᠣᠯᠤᠭᠰᠠᠨ ᠲᠡᠷᠡ᠃ ᠮᠠᠨ ᠤ᠋ ᠲᠡᠨᠳᠡ ᠬᠡᠳᠦᠢᠪᠡᠷ ᠠᠭᠤᠯᠠ ᠲᠠᠢ ᠲᠣᠯᠣᠭᠠᠢ ᠲᠠᠢ ᠭᠠᠵᠠᠷ ᠪᠣᠯᠪᠠᠴᠤ ᠲᠡᠷᠡ ᠲᠡᠮᠡᠭᠡ ᠢᠵᠢᠯᠢ ᠪᠡᠨ ᠣᠯᠬᠤ ᠦᠭᠡᠢ ᠤᠴᠢᠷ ᠶᠡᠷᠦ ᠪᠠᠢᠳᠠᠭ ᠦᠭᠡᠢ᠂ ᠵᠠᠷᠢᠮ ᠳ᠋ᠠᠭᠠᠨ ᠢᠵᠢᠯᠢ ᠶ᠋ᠢ ᠨᠢ ᠬᠠᠢᠵᠤ ᠣᠯᠬᠤ ᠶ᠋ᠢᠨ ᠲᠥᠯᠥᠭᠡ ᠳ᠋ᠠᠯᠢᠩᠪᠣᠷᠤ ᠪᠠᠨ ᠬᠥᠲᠥᠯᠦᠭᠡᠳ ᠥᠨᠳᠥᠷ ᠲᠣᠯᠣᠭᠠᠢ ᠶ᠋ᠢᠨ ᠣᠷᠣᠢ ᠳᠡᠭᠡᠷ᠎ᠡ ᠭᠠᠷᠳᠠᠭ᠂ ᠢᠩᠭᠢᠪᠡᠯ ᠲᠡᠷᠡ ᠮᠢᠨᠢ ᠴᠢᠬᠢ ᠪᠡᠨ ᠳᠠᠯᠪᠠᠢᠯᠭᠠᠵᠤ ᠵᠦᠭ ᠪᠦᠷᠢ ᠳ᠋ᠦ᠍ ᠰᠠᠢᠨ ᠬᠠᠷᠠᠳᠠᠭ᠂ ᠵᠠᠷᠢᠮ ᠳ᠋ᠠᠭᠠᠨ ᠠᠨᠢᠷ ᠴᠢᠮᠡᠭᠡ ᠶ᠋ᠢ ᠴᠢᠩᠨᠠᠵᠤ ᠪᠠᠢᠭ᠎ᠠ ᠴᠤ᠌ ᠶᠠᠩᠵᠤ ᠭᠠᠷᠭᠠᠳᠠᠭ᠂ ᠲᠡᠭᠡᠭᠡᠳ ᠯᠡ ᠬᠠᠮᠠᠷ ᠢ᠋ᠶ᠋ᠠᠷ ᠢ᠋ᠶ᠋ᠠᠨ ᠬᠥᠮᠦᠨ ᠦ᠌ ᠪᠡᠶ᠎ᠡ ᠶ᠋ᠢ ᠱᠦᠷᠭᠦᠭᠡᠵᠦ ᠠᠪᠤᠭᠠᠳ ᠶᠠᠪᠤᠬᠤ ᠭᠡᠵᠦ ᠶᠠᠩᠵᠤ ᠭᠠᠷᠤᠭᠠᠳ ᠢᠷᠡᠪᠡᠯ ᠪᠤᠷᠠᠨᠲᠠᠭ ᠢ᠋ ᠨᠢ ᠤᠷᠲᠤ ᠲᠠᠯᠪᠢᠵᠤ ᠠᠷᠤ ᠠ᠋ᠴᠠ ᠨᠢ ᠳᠠᠭᠠᠭᠠᠳ ᠶᠠᠪᠤᠪᠠᠯ ᠢᠵᠢᠯᠢ ᠶ᠋ᠢ ᠨᠢ ᠠᠮᠠᠷᠬᠠᠨ ᠣᠯᠤᠭᠠᠳ ᠠᠪᠳᠠᠭ᠃
ᠡᠨᠡ ᠲᠡᠮᠡᠭᠡ ᠵᠠᠷᠢᠮ ᠳ᠋ᠠᠭᠠᠨ ᠪᠠᠰᠠ ᠬᠥᠮᠦᠨ ᠦ᠌ ᠳᠤᠷ᠎ᠠ ᠦᠭᠡᠶᠢᠴᠡᠯ ᠢ᠋ ᠬᠦᠷᠭᠡᠵᠦ ᠬᠥᠮᠦᠨ ᠢ᠋ ᠵᠣᠪᠠᠭᠠᠳᠠᠭ᠃ ᠮᠢᠩᠭ᠎ᠠ ᠶᠢᠰᠦᠨ ᠵᠠᠭᠤᠨ ᠵᠢᠷᠠᠨ ᠶᠢᠰᠦᠨ ᠣᠨ ᠳ᠋ᠤ᠌ ᠪᠢ ᠠᠷᠪᠠᠨ ᠲᠠᠪᠤᠨ ᠨᠠᠰᠤᠲᠠᠢ ᠪᠠᠢᠵᠠᠢ᠂ ᠮᠠᠨᠠᠢᠬᠢᠨ ᠡᠷᠪᠡᠬᠡᠢ ᠳ᠋ᠦ᠍ ᠶᠡᠬᠡ ᠡᠭᠡᠴᠢ ᠶ᠋ᠢᠨ ᠳ᠋ᠦ᠍ ᠵᠣᠯᠭᠠᠯᠲᠠ ᠬᠢᠬᠦ ᠪᠡᠷ ᠶᠠᠪᠤᠭᠰᠠᠨ᠂ ᠲᠡᠭᠡᠭᠡᠳ ᠭᠡᠷ ᠲᠦ᠍ ᠮᠠᠯ ᠳᠡᠭᠡᠷ᠎ᠡ ᠮᠠᠨ ᠤ᠋ ᠨᠠᠭᠠᠴᠤ ᠡᠵᠢ ᠶ᠋ᠢ ᠭᠤᠶᠤᠵᠤ ᠠᠪᠴᠤ ᠢᠷᠡᠭᠡᠳ ᠨᠠᠳᠠ ᠲᠠᠢ ᠬᠣᠶᠠᠭᠤᠯᠠ ᠪᠠᠢᠭᠰᠠᠨ᠃ ᠢᠩᠭᠢᠭᠡᠳ ᠨᠢᠭᠡ ᠡᠳᠦᠷ ᠨᠡᠭᠦᠬᠦ ᠪᠣᠯᠵᠤ ᠨᠠᠭᠠᠴᠤ ᠡᠵᠢ ᠶ᠋ᠢᠨ ᠬᠥᠯ ᠭᠠᠷ ᠮᠠᠭᠤ ᠲᠡᠮᠡᠭᠡ ᠠᠪᠴᠢᠷᠠᠵᠤ ᠠᠴᠢᠶ᠎ᠠ ᠠᠴᠢᠶᠠᠯᠠᠵᠤ ᠴᠢᠳᠠᠬᠤ ᠦᠭᠡᠢ ᠪᠣᠯᠬᠣᠷ ᠮᠠᠯ ᠤᠰᠤᠯᠠᠬᠤ ᠪᠠᠷ ᠮᠠᠯ ᠳ᠋ᠠᠭᠠᠨ ᠶᠠᠪᠤᠭᠰᠠᠨ᠂ ᠪᠢ ᠲᠡᠮᠡᠭᠡ ᠪᠡᠨ ᠠᠪᠴᠤ ᠠᠴᠢᠶ᠎ᠠ ᠪᠠᠨ ᠠᠴᠢᠬᠤ ᠪᠣᠯᠪᠠ᠃ ᠶᠠᠭ ᠬᠠᠯᠠᠭᠤᠨ ᠦᠳᠡ ᠪᠣᠯᠵᠤ ᠪᠠᠢᠬᠤ ᠳ᠋ᠤ᠌ ᠪᠢ ᠠᠴᠢᠶ᠎ᠠ ᠲᠠᠢ ᠲᠡᠮᠡᠭᠡ ᠪᠡᠨ ᠬᠥᠲᠥᠯᠦᠭᠡᠳ ᠪᠠᠭᠤᠬᠤ ᠭᠡᠰᠡᠨ ᠭᠠᠵᠠᠷ ᠢ᠋ᠶ᠋ᠠᠨ ᠣᠢᠷᠠᠲᠤᠵᠤ ᠬᠦᠷᠴᠦ ᠶᠠᠪᠤᠲᠠᠯ᠎ᠠ ᠨᠢᠭᠡ ᠬᠠᠷᠠᠬᠤ ᠳ᠋ᠤ᠌ ᠮᠠᠨ ᠤ᠋ ᠮᠠᠯ ᠬᠤᠳᠳᠤᠭ ᠠ᠋ᠴᠠ ᠤᠰᠤ ᠤᠤᠭᠤᠭᠠᠳ ᠭᠠᠷᠴᠤ ᠢᠷᠡᠭᠡᠳ ᠶᠠᠭ ᠴᠦᠷᠬᠦᠯᠦᠭᠰᠡᠨ ᠲᠡᠮᠡᠭᠡ ᠰᠢᠭ ᠨᠢᠭᠡ ᠬᠣᠶᠠᠷ ᠤ᠋ᠨ ᠭᠠᠵᠠᠷ ᠤᠷᠲᠤ ᠲᠣᠭᠣᠰᠣ ᠲᠠᠲᠠᠭᠤᠯᠤᠨ ᠵᠡᠭᠦᠨ ᠠᠭᠤᠯᠠ ᠵᠦᠭ ᠰᠤᠪᠤᠷᠠᠵᠤ (ᠴᠤᠪᠤᠵᠤ ) ᠪᠠᠢᠬᠤ ᠶ᠋ᠢ ᠦᠵᠡᠭᠡᠳ ᠮᠠᠯ ᠳᠠᠭᠠᠵᠤ ᠶᠠᠪᠤᠭᠰᠠᠨ ᠨᠠᠭᠠᠴᠤ ᠡᠵᠢ ᠶ᠋ᠢ ᠬᠠᠷᠠᠬᠤ ᠳ᠋ᠤ᠌ ᠪᠠᠷ᠎ᠠ ᠰᠤᠷᠠᠭ ᠲᠠᠭ ᠦᠭᠡᠢ ᠪᠠᠢᠯ᠎ᠠ᠃ ᠬᠡᠷᠪᠡ ᠵᠤᠨ ᠤ᠋ ᠲᠥᠯ ᠲᠡᠢ ᠮᠠᠯ ᠵᠡᠭᠦᠨ ᠠᠭᠤᠯᠠᠨ ᠳ᠋ᠤ᠌ ᠭᠠᠷᠪᠠᠯ ᠬᠤᠷᠢᠶᠠᠵᠤ ᠪᠠᠭᠤᠯᠭᠠᠵᠤ ᠢᠷᠡᠨ᠎ᠡ ᠭᠡᠵᠦ ᠠᠮᠠᠷ ᠬᠡᠷᠡᠭ ᠪᠢᠰᠢ ᠠ᠋᠃ ᠲᠡᠭᠡᠭᠡᠳ ᠮᠢᠨᠦ ᠶᠠᠭᠠᠷᠠᠭᠰᠠᠨ ᠢ᠋ ᠬᠡᠯᠡᠬᠦ ᠶ᠋ᠢᠨ ᠠᠷᠭ᠎ᠠ ᠦᠭᠡᠢ᠂ ᠰᠢᠭᠤᠳ ᠠᠴᠢᠶ᠎ᠠ ᠲᠠᠢ ᠲᠡᠮᠡᠭᠡ ᠪᠡᠨ ᠪᠠᠭᠤᠳᠠᠯ ᠳᠡᠭᠡᠷ᠎ᠡ ᠪᠡᠨ ᠣᠴᠢᠵᠤ ᠠᠴᠢᠶ᠎ᠠ ᠲᠠᠢ ᠨᠢ ᠨᠢᠭᠡ ᠨᠢᠭᠡ ᠪᠡᠷ ᠰᠠᠯᠭᠠᠵᠤ ᠪᠤᠲᠠ ᠴᠢᠯᠠᠭᠤ ᠠ᠋ᠴᠠ ᠤᠶᠠᠮᠠᠭᠴᠠ ᠯᠠ ᠮᠠᠯ ᠤ᠋ᠨ ᠡᠮᠦᠨᠡᠭᠦᠷ ᠲᠣᠰᠤᠭᠠᠳ ᠭᠦᠶᠦᠯ᠎ᠡ᠃ ᠴᠡᠭᠡᠵᠢ ᠪᠠᠭᠲᠠᠷᠠᠲᠠᠯ᠎ᠠ ᠪᠠᠨ ᠭᠦᠶᠦᠵᠦ ᠮᠠᠯ ᠤ᠋ᠨ ᠲᠦᠷᠦᠭᠦᠴᠢ ᠪᠡᠨ ᠪᠤᠴᠠᠭᠠᠨ ᠡᠷᠭᠢᠭᠦᠯᠵᠦ ᠠᠪᠤᠭᠠᠳ ᠭᠡᠳᠡᠷᠭᠦ ᠬᠠᠷᠠᠭᠰᠠᠨ ᠴᠢᠨᠢ ᠥᠨᠥᠬᠢ ᠳ᠋ᠠᠯᠢᠩᠪᠣᠷᠤ ᠤᠶᠠᠭ᠎ᠠ ᠪᠠᠨ ᠲᠠᠢᠯᠵᠤ ᠠᠪᠤᠭᠠᠳ ᠬᠠᠳᠠᠨ ᠲᠣᠯᠣᠭᠠᠢ ᠥᠭᠡᠳᠡ ᠮᠠᠴᠤᠵᠤ ᠪᠠᠢᠬᠤ ᠬᠠᠷᠠᠭᠳᠠᠪᠠ᠃ ᠣᠳᠣ ᠴᠤ᠌ ᠬᠡᠷᠡᠭ ᠪᠣᠯᠤᠯ᠎ᠠ! ᠬᠡᠷᠪᠡ ᠠᠴᠢᠶ᠎ᠠ ᠪᠠᠨ ᠤᠨᠠᠭᠠᠪᠠᠯ ᠲᠣᠭᠣᠭ᠎ᠠ᠂ ᠰᠢᠨᠠᠭ᠎ᠠ᠂ ᠠᠶᠠᠭ᠎ᠠ᠂ ᠰᠠᠪᠠ ᠰᠠᠭᠤᠯᠠᠭ᠎ᠠ ᠪᠦᠷ ᠪᠠᠯᠪᠠᠴᠢᠵᠤ ᠬᠠᠶᠠᠬᠤ ᠪᠣᠯᠤᠨ᠎ᠠ᠃ ᠲᠡᠷᠡ ᠦᠶ᠎ᠡ ᠵᠣᠭᠣᠰ ᠵᠠᠷᠤᠯᠭ᠎ᠠ ᠪᠠᠭ᠎ᠠ ᠡᠳᠡᠭᠡᠷ ᠶᠠᠭᠤᠮ᠎ᠠ ᠶ᠋ᠢ ᠳᠠᠬᠢᠨ ᠬᠤᠳᠠᠯᠳᠤᠨ ᠠᠪᠬᠤ ᠴᠢᠳᠠᠯ ᠦᠭᠡᠢ᠂ ᠡᠳᠡᠭᠡᠷ ᠶᠠᠭᠤᠮ᠎ᠠ ᠪᠦᠷ ᠲᠡᠷᠡ ᠲᠡᠮᠡᠭᠡᠨ ᠳᠡᠭᠡᠷ᠎ᠡ ᠠᠴᠢᠶᠠᠲᠠᠢ ᠪᠣᠢ᠂ ᠲᠡᠭᠡᠭᠡᠳ ᠰᠠᠨᠳᠤᠷᠬᠤ ᠳ᠋ᠠᠭᠠᠨ ᠮᠠᠯ ᠢ᠋ᠶ᠋ᠠᠨ ᠪᠤᠴᠠᠭᠠᠵᠤ ᠰᠠᠢᠨ ᠬᠥᠭᠡᠭᠡᠴᠢᠬᠡᠭᠡᠳ ᠥᠨᠥ ᠲᠡᠮᠡᠭᠡ ᠤᠷᠤᠭᠤ ᠳᠠᠬᠢᠭᠠᠳ ᠯᠠ ᠭᠦᠶᠦᠯ᠎ᠡ᠃ ᠲᠡᠮᠡᠭᠡᠨ ᠳᠡᠭᠡᠷ᠎ᠡ ᠪᠡᠨ ᠬᠦᠷᠴᠦ ᠲᠡᠮᠡᠭᠡ ᠪᠡᠨ ᠬᠥᠲᠥᠯᠦᠭᠡᠳ ᠪᠠᠭᠤᠳᠠᠯ ᠳ᠋ᠠᠭᠠᠨ ᠣᠴᠢᠵᠤ ᠠᠴᠢᠶ᠎ᠠ ᠪᠠᠨ ᠪᠠᠭᠤᠯᠭᠠᠭᠠᠳ ᠪᠠᠷᠠᠵᠤ ᠪᠠᠢᠲᠠᠯ᠎ᠠ ᠮᠠᠨ ᠤ᠋ ᠨᠠᠭᠠᠴᠤ ᠡᠵᠢ ᠴᠦ᠍ ᠮᠠᠯ ᠤ᠋ᠨ ᠠᠷᠤ ᠠ᠋ᠴᠠ ᠰᠠᠶᠢ ᠬᠦᠷᠴᠦ ᠢᠷᠡᠯ᠎ᠡ᠃ ᠣᠳᠣ ᠪᠣᠳᠣᠬᠤ ᠳ᠋ᠤ᠌ ᠡᠨᠡ ᠲᠡᠮᠡᠭᠡ ᠲᠡᠷᠡ ᠲᠣᠯᠣᠭᠠᠢ ᠶ᠋ᠢᠨ ᠣᠷᠣᠢ ᠳ᠋ᠤ᠌ ᠰᠠᠢᠬᠠᠨ ᠡᠪᠡᠰᠦ ᠶ᠋ᠢ ᠣᠯᠵᠤ ᠦᠵᠡᠭᠰᠡᠨ ᠡᠴᠡ ᠲᠡᠭᠡᠵᠦ ᠶᠠᠪᠤᠭᠰᠠᠨ ᠪᠠᠢᠵᠤ ᠯᠠ ᠳᠠ᠃ ᠠᠢ ᠬᠥᠭᠡᠷᠦᠬᠦᠢ ! ᠲᠡᠮᠡᠭᠡ ᠶᠤᠮ ᠴᠢᠨᠢ ᠨᠢᠷᠤᠭᠤᠨ ᠳᠡᠭᠡᠷᠡᠬᠢ ᠠᠴᠢᠶ᠎ᠠ ᠨᠤᠷᠠᠬᠤ ᠪᠣᠢ ᠭᠡᠵᠦ ᠶᠠᠭᠠᠬᠢᠵᠤ ᠴᠤ᠌ ᠮᠡᠳᠡᠬᠦ ᠪᠣᠢ !
ᠪᠢᠳᠡᠨ ᠦ᠌ ᠮᠡᠳᠡᠬᠦ ᠪᠡᠷ ᠠᠷᠰᠯᠠᠨ᠂ ᠵᠡᠷᠯᠢᠭ ᠪᠤᠭᠤ᠂ ᠪᠤᠤᠷ᠎ᠠ᠂ ᠠᠳᠤᠭᠤᠨ ᠤ᠋ ᠠᠵᠢᠷᠭ᠎ᠠ ᠪᠦᠷ ᠯᠡ ᠥᠪᠡᠷ ᠦ᠋ᠨ ᠬᠣᠲᠠᠨ ᠤ᠋ ᠪᠠᠨ ᠡᠮ᠎ᠡ ᠢᠵᠢᠯᠢ ᠶ᠋ᠢ ᠪᠡᠨ ᠬᠠᠮᠠᠭᠠᠯᠠᠳᠠᠭ᠂ ᠭᠡᠪᠡᠴᠦ ᠲᠡᠳᠡ ᠵᠥᠪᠬᠡᠨ ᠡᠮ᠎ᠡ ᠢᠵᠢᠯᠢ ᠶ᠋ᠢ ᠪᠠᠨ ᠯᠠ ᠬᠠᠮᠠᠭᠠᠯᠠᠳᠠᠭ᠃ ᠮᠠᠨ ᠤ᠋ ᠡᠨᠡ ᠳ᠋ᠠᠯᠢᠩᠪᠣᠷᠤ ᠬᠠᠷᠢᠨ ᠡᠷ᠎ᠡ᠂ ᠡᠮ᠎ᠡ ᠭᠡᠵᠦ ᠢᠯᠭᠠᠯ ᠦᠭᠡᠢ ᠪᠦᠬᠦ ᠬᠣᠲᠠᠨ ᠤ᠋ ᠪᠠᠨ ᠢᠵᠢᠯᠢ ᠶ᠋ᠢ ᠪᠦᠷ ᠬᠠᠮᠠᠭᠠᠯᠠᠳᠠᠭ᠃ ᠡᠨᠡ ᠠᠲᠠᠨ ᠤ᠋ ᠬᠡᠳᠦᠨ ᠭᠠᠢᠬᠠᠯᠲᠠᠢ ᠤᠴᠢᠷ ᠮᠢᠨᠦ ᠰᠠᠨᠠᠭᠠᠨ ᠠ᠋ᠴᠠ ᠶᠡᠷᠦ ᠨᠢ ᠭᠠᠷᠳᠠᠭ ᠦᠭᠡᠢ ᠶᠤᠮ᠃ ᠨᠢᠭᠡ ᠨᠢ᠂ ᠨᠠᠮᠠᠶ᠋ᠢ ᠳᠣᠯᠣᠭ᠎ᠠ᠂ ᠨᠠᠢ᠍ᠮᠠᠨ ᠨᠠᠰᠤᠲᠠᠢ ᠪᠠᠢᠬᠤ ᠳ᠋ᠤ᠌ ᠨᠢᠭᠡᠨ ᠬᠠᠪᠤᠷ ᠤ᠋ᠨ ᠥᠷᠯᠥᠭᠡ ᠡᠷᠲᠡ ᠶᠡᠬᠡ ᠡᠭᠡᠴᠢ ᠪᠢᠳᠡᠨ ᠬᠣᠶᠠᠷ ᠬᠣᠨᠢ ᠪᠠᠨ ᠬᠠᠷᠢᠭᠤᠯᠤᠭᠠᠳ ᠭᠡᠷ ᠡᠴᠡ ᠪᠡᠨ ᠭᠠᠷᠤᠭᠠᠳ ᠳᠡᠮᠡᠢ ᠬᠣᠯᠠ ᠶᠠᠪᠤᠭᠰᠠᠨ ᠦᠭᠡᠢ᠂ ᠰᠠᠶᠢ ᠬᠣᠲᠠᠨ ᠠ᠋ᠴᠠ ᠪᠠᠨ ᠭᠠᠷᠤᠭᠰᠠᠨ ᠮᠠᠯ ᠪᠣᠯᠬᠣᠷ ᠰᠠᠢᠬᠠᠨ ᠡᠩᠨᠡᠭᠡᠳ ᠶᠠᠪᠤᠵᠤ ᠯᠠ ᠪᠠᠢᠭᠰᠠᠨ᠂ ᠪᠢᠳᠡᠨ ᠬᠣᠶᠠᠷ ᠮᠠᠯ ᠤ᠋ᠨ ᠢ᠋ᠶ᠋ᠠᠨ ᠠᠷᠤ ᠳ᠋ᠤ᠌ ᠨᠢ ᠳᠠᠭᠠᠵᠤ ᠶᠠᠪᠤᠵᠤ ᠪᠠᠢᠲᠠᠯ᠎ᠠ ᠭᠡᠨᠡᠳᠲᠡ ᠮᠠᠯ ᠶᠠᠭ ᠳᠤᠮᠳᠠᠭᠤᠷ ᠢ᠋ᠶ᠋ᠠᠨ ᠲᠠᠰᠤ ᠬᠠᠭᠠᠷᠠᠭᠰᠠᠨ ᠰᠢᠭ᠋ ᠬᠣᠶᠠᠷ ᠲᠠᠢᠰᠢ ᠠᠩᠭᠢᠷᠠᠵᠤ ᠲᠣᠭᠣᠰᠣ ᠲᠡᠳᠡᠨ ᠦᠷᠭᠦᠯᠡ (ᠰᠣᠴᠢᠯ᠎ᠠ )᠃ ᠡᠨᠡ ᠦᠶ᠎ᠡ ᠳ᠋ᠦ᠍ ᠡᠭᠡᠴᠢ ᠮᠢᠨᠢ ᠶᠡᠬᠡ ᠳᠠᠭᠤᠨ ᠢ᠋ᠶ᠋ᠠᠷ ᠬᠠᠰᠬᠢᠷᠴᠤ ᠮᠠᠯ ᠤ᠋ᠨ ᠢ᠋ᠶ᠋ᠠᠨ ᠨᠢᠭᠡ ᠲᠠᠯ᠎ᠠ ᠤᠷᠤᠭᠤ ᠭᠦᠶᠦᠯ᠎ᠡ᠂ ᠪᠢ ᠴᠦ᠍ ᠮᠥᠨ ᠮᠠᠯ ᠤ᠋ᠨ ᠨᠥᠭᠦᠭᠡ ᠬᠡᠰᠡᠭ ᠤᠷᠤᠭᠤ ᠭᠦᠶᠦᠵᠦ ᠬᠣᠶᠠᠭᠤᠯᠠ ᠪᠠᠨ ᠮᠠᠯ ᠢ᠋ᠶ᠋ᠠᠨ ᠲᠣᠭᠲᠠᠭᠠᠵᠤ ᠠᠪᠤᠭᠠᠳ ᠬᠣᠶᠠᠷ ᠬᠡᠰᠡᠭ ᠮᠠᠯ ᠢ᠋ ᠨᠡᠢᠯᠡᠭᠦᠯᠬᠦ ᠭᠡᠵᠦ ᠲᠠᠭᠤᠬᠤ ᠳ᠋ᠤ᠌ ᠮᠠᠯ ᠣᠭᠲᠣ ᠶᠠᠪᠤᠬᠤ ᠦᠭᠡᠢ ᠮᠠᠯ ᠤ᠋ᠨ ᠪᠡᠶ᠎ᠡ ᠨᠢ ᠪᠦᠷ ᠴᠡᠴᠡᠷᠡᠵᠦ ᠳᠡᠰ ᠳᠡᠰ ᠭᠡᠲᠡᠯ᠎ᠡ ᠳᠣᠷᠭᠢᠵᠤ᠂ ᠪᠥᠭᠡᠮᠨᠡᠷᠡᠭᠡᠳ ᠪᠠᠢᠬᠤ ᠠ᠋ᠴᠠ ᠪᠢᠰᠢ ᠶᠡᠷᠦ ᠡᠮᠦᠨᠡᠰᠢ ᠪᠡᠨ ᠶᠠᠪᠤᠬᠤ ᠦᠭᠡᠢ ᠪᠠᠢᠯ᠎ᠠ᠃ ᠪᠢᠳᠡᠨ ᠬᠣᠶᠠᠷ ᠮᠠᠯ ᠢ᠋ᠶ᠋ᠠᠨ ᠬᠠᠷ᠎ᠠ ᠶ᠋ᠢᠨ ᠠᠯᠪᠠ ᠪᠠᠷ ᠲᠠᠭᠤᠭᠰᠠᠭᠠᠷ ᠪᠠᠢᠵᠤ ᠠᠷᠠᠢ ᠭᠡᠵᠦ ᠬᠣᠶᠠᠷ ᠠᠩᠭᠢᠷᠤᠭᠰᠠᠨ ᠮᠠᠯ ᠢ᠋ᠶ᠋ᠠᠨ ᠨᠡᠢᠯᠡᠭᠦᠯᠵᠦ ᠠᠪᠤᠭᠰᠠᠨ ᠤ᠋ ᠳᠠᠷᠠᠭ᠎ᠠ ᠡᠭᠡᠴᠢ ᠭᠡᠨᠡᠳᠲᠡ ᠵᠡᠭᠦᠨ ᠥᠨᠳᠥᠷ ᠣᠷᠣᠢ ᠶ᠋ᠢ ᠵᠢᠭᠠᠵᠤ ︽ᠲᠡᠷᠡ ᠦᠵᠡ ! ᠴᠢᠨᠣ᠎ᠠ ᠪᠠᠢᠨ᠎ᠠ》 ᠭᠡᠪᠡ᠃ ᠪᠢ ᠰᠠᠨᠳᠤᠷᠴᠤ ᠲᠡᠷᠡ ᠵᠦᠭ ᠲᠦ᠍ ᠬᠠᠷᠠᠭᠰᠠᠨ ᠴᠢᠨᠢ ᠲᠣᠯᠣᠭᠠᠢ ᠶ᠋ᠢᠨ ᠣᠷᠣᠢ ᠳᠡᠭᠡᠷ᠎ᠡ ᠨᠢᠭᠡ ᠨᠣᠬᠠᠢ ᠰᠢᠭ᠋ ᠶᠠᠭᠤᠮ᠎ᠠ ᠵᠣᠭᠰᠣᠵᠤ ᠪᠠᠢᠭᠠᠳ ᠳᠡᠮᠡᠢ ᠤᠳᠠᠭᠰᠠᠨ ᠦᠭᠡᠢ ᠴᠠᠭᠠᠰᠢ (ᠴᠢᠨᠠᠭᠰᠢ ) ᠪᠠᠨ ᠳᠠᠪᠠᠭᠠᠳ ᠣᠷᠣᠴᠢᠬᠠᠯ᠎ᠠ᠃ ᠡᠭᠦᠨ ᠡᠴᠡ ᠡᠮᠦᠨ᠎ᠡ ᠴᠢᠨᠣ᠎ᠠ ᠭᠡᠳᠡᠭ ᠠᠮᠢᠲᠠᠨ ᠢ᠋ ᠠᠷᠪᠢᠨ ᠰᠣᠨᠣᠰᠤᠭᠰᠠᠨ ᠪᠣᠯᠪᠠᠴᠤ᠂ ᠶᠡᠷᠦ ᠥᠪᠡᠷ ᠦ᠋ᠨ ᠨᠢᠳᠦ ᠪᠡᠷ ᠢ᠋ᠶ᠋ᠡᠨ ᠣᠯᠵᠤ ᠦᠵᠡᠭᠡ ᠦᠭᠡᠢ᠂ ᠡᠭᠡᠴᠢ ᠪᠢᠳᠡᠨ ᠬᠣᠶᠠᠷ ᠮᠠᠯ ᠢ᠋ᠶ᠋ᠠᠨ ᠰᠠᠢᠬᠠᠨ ᠪᠠᠢᠴᠠᠭᠠᠵᠤ ᠦᠵᠡᠭᠰᠡᠨ ᠳ᠋ᠦ᠍ ᠴᠢᠨᠣ᠎ᠠ ᠳ᠋ᠤ᠌ ᠬᠠᠵᠠᠭᠳᠠᠵᠤ ᠰᠢᠷᠬᠠᠳᠤᠭᠰᠠᠨ ᠮᠠᠯ ᠦᠭᠡᠢ ᠪᠦᠷᠢᠨ ᠪᠦᠲᠦᠨ ᠰᠠᠢᠨ ᠪᠠᠢᠯ᠎ᠠ᠃ ᠢᠩᠭᠢᠭᠡᠳ ᠴᠠᠭᠠᠰᠢ ᠮᠠᠯ ᠢ᠋ᠶ᠋ᠠᠨ ᠲᠠᠭᠤᠵᠤ ᠨᠢᠷᠤᠭᠤ ᠳᠠᠪᠠᠵᠤ ᠪᠡᠯᠴᠢᠭᠡᠷ ᠲᠡᠭᠡᠨ ᠬᠦᠷᠦᠯ᠎ᠡ᠃
ᠮᠠᠨ ᠤ᠋ ᠬᠡᠳᠦᠨ ᠲᠡᠮᠡᠭᠡ ᠤᠷᠢᠳᠤ ᠣᠷᠣᠢ ᠨᠢ ᠪᠠᠰᠠ ᠲᠡᠷᠡ ᠵᠦᠭ ᠲᠦ᠍ ᠪᠡᠯᠴᠢᠭᠡᠭᠰᠡᠨ ᠪᠠᠢᠵᠠᠢ᠃ ᠪᠡᠯᠴᠢᠭᠡᠷ ᠲᠦ᠍ ᠬᠦᠷᠦᠭᠰᠡᠨ ᠦ᠌ ᠳᠠᠷᠠᠭ᠎ᠠ ᠡᠭᠡᠴᠢ ᠨᠠᠳᠠᠳᠤ ᠄︽ᠴᠢ ᠡᠨᠳᠡ ᠮᠠᠯ ᠢ᠋ᠶ᠋ᠠᠨ ᠬᠠᠷᠠᠵᠤ ᠪᠠᠢᠭᠠᠷᠠᠢ᠂ ᠥᠨᠥᠬᠢ ᠴᠢᠨᠣ᠎ᠠ ᠨᠢᠭᠡᠨᠲᠡ ᠬᠥᠮᠦᠨ ᠢ᠋ ᠣᠯᠵᠤ ᠦᠵᠡᠭᠰᠡᠨ ᠪᠣᠯᠬᠣᠷ ᠪᠠᠷᠤᠭ ᠳᠠᠬᠢᠵᠤ ᠢᠷᠡᠬᠦ ᠦᠭᠡᠢ ᠪᠠᠢᠬ᠎ᠠ ᠪᠢ ᠣᠴᠢᠵᠤ ᠬᠡᠳᠦᠨ ᠲᠡᠮᠡᠭᠡ ᠪᠡᠨ ᠬᠠᠢᠵᠤ ︵ᠡᠷᠢᠵᠦ) ᠣᠯᠤᠭᠠᠳ ᠢᠷᠡᠶ᠎ᠡ᠂ ᠲᠡᠮᠡᠭᠡᠨ ᠳᠣᠲᠣᠷ᠎ᠠ ᠨᠢᠭᠡ ᠲᠣᠷᠣᠮ ᠲᠠᠢ ᠢᠩᠭᠡ ᠴᠢᠨᠣ᠎ᠠ ᠳ᠋ᠤ᠌ ᠢᠳᠡᠭᠳᠡᠭᠰᠡᠨ ᠪᠠᠢᠵᠤ ᠮᠡᠳᠡᠨ᠎ᠡ᠂ ᠬᠤᠷᠳᠤᠨ ᠬᠠᠢᠵᠤ ᠣᠯᠬᠤ ᠦᠭᠡᠢ ᠪᠣᠯᠬᠤ ᠦᠭᠡᠢ᠂ ᠴᠢ ᠮᠠᠯ ᠢ᠋ᠶ᠋ᠠᠨ ᠰᠠᠢᠨ ᠬᠠᠷᠠᠵᠤ ᠪᠤᠲᠠᠷᠠᠭᠤᠯᠵᠤ᠂ ᠰᠠᠯᠭᠠᠵᠤ ᠪᠣᠯᠬᠤ ᠦᠭᠡᠢ᠂ ᠳᠠᠭᠤ ᠴᠢᠮᠡᠭᠡ ᠰᠠᠢᠨ ᠥᠭᠴᠦ ᠪᠠᠢ ᠬᠥᠮᠦᠨ ᠦ᠌ ᠳᠠᠭᠤ ᠴᠢᠮᠡᠭᠡ ᠡᠴᠡ ᠴᠢᠨᠣ᠎ᠠ ᠠᠶᠤᠳᠠᠭ︾ ᠭᠡᠵᠦ ᠬᠡᠯᠡᠭᠡᠳ ᠲᠡᠮᠡᠭᠡ ᠪᠡᠨ ᠬᠠᠢᠬᠤ (ᠡᠷᠢᠬᠦ ) ᠪᠡᠷ ᠶᠠᠪᠤᠴᠢᠬᠠᠯ᠎ᠠ᠃ ᠪᠢ ᠴᠦ᠍ ᠡᠭᠡᠴᠢ ᠶ᠋ᠢᠨ ᠬᠡᠯᠡᠭᠰᠡᠨ ᠦᠭᠡ ᠪᠡᠷ ᠮᠠᠯ ᠢ᠋ᠶ᠋ᠠᠨ ᠲᠣᠭᠣᠷᠢᠭᠠᠳ᠂ ᠲᠣᠭᠲᠠᠭᠠᠭᠠᠳ᠂ ᠬᠠᠰᠬᠢᠷᠴᠤ ᠳᠠᠭᠤᠯᠠᠭᠠᠳ ᠭᠦᠶᠦᠭᠡᠳ ᠪᠠᠢᠯ᠎ᠠ᠂ ᠠᠶᠤᠵᠤ ᠰᠣᠴᠢᠭᠰᠠᠨ ᠬᠡᠦᠬᠡᠳ ᠦ᠋ᠨ ᠬᠡᠷᠡᠭ ᠵᠦᠳᠡᠷᠡᠵᠦ ᠶᠠᠳᠠᠷᠠᠬᠤ ᠪᠠᠨ ᠪᠦᠷ ᠮᠠᠷᠲᠠᠭᠰᠠᠨ᠂ ᠢᠩᠭᠢᠵᠦ ᠮᠠᠯ ᠢ᠋ᠶ᠋ᠠᠨ ᠪᠥᠭᠡᠮᠨᠡᠭᠦᠯᠵᠦ ᠬᠠᠷᠢᠭᠤᠯᠵᠤ ᠪᠠᠢᠲᠠᠯ᠎ᠠ ᠣᠷᠣᠢ ᠴᠤ᠌ ᠪᠣᠯᠤᠯ᠎ᠠ᠂ ᠮᠠᠯ ᠭᠡᠷ ᠥᠭᠡᠳᠡ ᠪᠡᠨ ᠪᠤᠴᠠᠬᠤ ᠴᠠᠭ ᠴᠤ᠌ ᠪᠣᠯᠤᠯ᠎ᠠ᠂ ᠲᠡᠮᠡᠭᠡᠨ ᠳ᠋ᠦ᠍ ᠶᠠᠪᠤᠭᠰᠠᠨ ᠡᠭᠡᠴᠢ ᠪᠠᠰᠠ ᠯᠠ ᠢᠷᠡᠳᠡᠭ ᠦᠭᠡᠢ᠂ ᠪᠠᠴᠢᠮᠳᠠᠵᠤ ᠠᠶᠤᠬᠤ ᠳ᠋ᠠᠭᠠᠨ ᠪᠠᠷᠬᠢᠷᠠᠵᠤ ᠣᠷᠢᠯᠠᠭᠰᠠᠨ ᠴᠤ᠌ ᠶᠤᠮ ᠰᠢᠭ᠋ ᠪᠣᠳᠣᠭᠳᠠᠨ᠎ᠠ᠃ ᠢᠩᠭᠢᠵᠦ ᠪᠠᠢᠲᠠᠯ᠎ᠠ ᠡᠭᠡᠴᠢ ᠳ᠋ᠠᠯᠢᠩᠪᠣᠷᠤ ᠪᠠᠨ ᠤᠨᠤᠵᠤ ᠪᠤᠰᠤᠳ ᠲᠡᠮᠡᠭᠡ ᠪᠡᠨ ᠬᠥᠲᠥᠯᠦᠭᠡᠳ ᠱᠣᠭᠰᠢᠭᠤᠯᠤᠭᠠᠳ ︵ᠭᠦᠶᠦᠭᠡᠳ ) ᠢᠷᠡᠯ᠎ᠡ᠂ ᠥᠨᠥ ᠮᠠᠭᠤ ᠡᠷᠬᠡ ᠳᠡᠯᠳᠡᠩ ᠬᠠᠷ᠎ᠠ ᠪᠣᠲᠣᠭᠣ ᠮᠢᠨᠢ ᠲᠡᠮᠡᠭᠡᠨ ᠦ᠌ ᠠᠷᠤ ᠳ᠋ᠤ᠌ ᠱᠣᠪᠣᠩ ᠱᠣᠪᠣᠩ ᠭᠦᠶᠦᠭᠡᠳ ᠳᠠᠭᠠᠵᠤ ᠪᠠᠢᠬᠤ ᠶ᠋ᠢ ᠦᠵᠡᠭᠡᠳ ᠰᠡᠳᠬᠢᠯ ᠶᠡᠬᠡ ᠯᠡ ᠠᠮᠤᠷᠵᠢᠵᠤ ᠪᠢᠯᠡ᠃ ᠮᠠᠨ ᠤ᠋ ᠶᠡᠬᠡ ᠡᠭᠡᠴᠢ ᠲᠡᠮᠡᠭᠡ ᠮᠠᠯ ᠤ᠋ᠨ ᠡᠷᠢᠯ ᠳ᠋ᠦ᠍ ᠲᠤᠩ ᠰᠠᠢᠨ ᠬᠥᠮᠦᠨ ᠪᠠᠢᠭᠰᠠᠨ᠃
ᠲᠡᠭᠡᠭᠡᠳ ᠡᠭᠡᠴᠢ ᠶ᠋ᠢ ᠢᠷᠡᠬᠦᠯᠡᠷ ᠶᠠᠭᠠᠬᠢᠭᠠᠳ ᠲᠡᠢᠮᠦ ᠤᠳᠠᠭᠠᠨ ᠶᠠᠪᠤᠪᠠ ᠭᠡᠵᠦ ᠠᠰᠠᠭᠤᠬᠤ ᠳ᠋ᠤ᠌ ᠡᠭᠡᠴᠢ ᠄︽ᠪᠤᠰᠤᠳ ᠲᠡᠮᠡᠭᠡ ᠨᠢ ᠡᠨᠡ ᠠᠷᠤ ᠳᠡᠭᠡᠷ᠎ᠡ ᠣᠢᠷᠠᠬᠠᠨ ᠪᠠᠢᠵᠠᠢ᠂ ᠭᠠᠭᠴᠠ ᠳ᠋ᠠᠯᠢᠩᠪᠣᠷᠤ ᠪᠠᠢᠳᠠᠭ ᠦᠭᠡᠢ᠂ ᠲᠡᠭᠡᠭᠡᠳ ᠮᠥᠷ ᠢ᠋ ᠨᠢ ᠦᠵᠡᠭᠰᠡᠨ ᠴᠢᠨᠢ ᠤᠷᠢᠳᠤ (ᠥᠴᠥᠭᠡᠳᠦᠷ ) ᠰᠥᠨᠢ ᠴᠢᠨᠣ᠎ᠠ ᠮᠠᠨ ᠤ᠋ ᠲᠡᠮᠡᠭᠡ ᠤᠷᠤᠭᠤ ᠳᠠᠭᠠᠷᠢᠵᠠᠢ᠂ ᠳ᠋ᠠᠯᠢᠩᠪᠣᠷᠤ ᠬᠡᠪᠲᠡᠷᠢ ᠡᠴᠡ ᠪᠣᠰᠴᠤ ᠥᠨᠥ ᠴᠢᠨᠣ᠎ᠠ ᠶ᠋ᠢ ᠬᠥᠭᠡᠭᠡᠵᠡᠢ᠂ ᠬᠥᠭᠡᠭᠡᠭᠰᠡᠭᠡᠷ ᠪᠠᠢᠭᠠᠳ ᠲᠡᠷᠡ ᠴᠢᠨᠣ᠎ᠠ ᠶ᠋ᠢ ᠪᠤᠰᠤᠳ ᠲᠡᠮᠡᠭᠡᠨ ᠡᠴᠡ ᠨᠢ ᠰᠠᠯᠭᠠᠵᠤ ᠠᠪᠤᠭᠠᠳ ᠳᠡᠪᠰᠡᠵᠦ ᠬᠠᠷᠠᠢᠭᠰᠠᠭᠠᠷ ᠪᠠᠢᠭᠠᠳ ᠪᠣᠭᠤᠴᠢᠭᠠᠲᠠᠢ (ᠲᠡᠮᠡᠭᠡ ᠶ᠋ᠢ ᠡᠮᠦᠨ᠎ᠡ ᠵᠥᠪ ᠡᠪᠦᠳᠦᠭ ᠡᠴᠡ ᠨᠢ ᠪᠤᠷᠠᠨᠲᠠᠭ ᠢ᠋ᠶ᠋ᠠᠷ ᠨᠢ ᠪᠠᠭ᠎ᠠ ᠪᠥᠬᠥᠢᠯᠭᠡᠵᠦ ᠤᠶᠠᠬᠤ ᠶ᠋ᠢ ᠬᠡᠯᠡᠳᠡᠭ ) ᠪᠠᠢᠭᠰᠠᠨ ᠪᠤᠷᠠᠨᠲᠠᠭ ᠢ᠋ᠶ᠋ᠠᠨ ᠲᠠᠰᠤᠯᠴᠢᠬᠠᠵᠠᠢ᠂ ᠢᠩᠭᠢᠭᠡᠳ ᠴᠢᠨᠣ᠎ᠠ ᠶ᠋ᠢ ᠪᠠᠷᠤᠭ ᠬᠣᠷᠢᠭᠠᠳ ᠭᠠᠵᠠᠷ ᠬᠥᠭᠡᠭᠡᠵᠡᠢ᠂ ᠳᠡᠪᠰᠡᠵᠦ ᠠᠯᠠᠵᠤ ᠴᠢᠳᠠᠭᠰᠠᠨ ᠦᠭᠡᠢ᠂ ᠮᠥᠷ ᠢ᠋ ᠨᠢ ᠬᠠᠷᠠᠬᠤ ᠳ᠋ᠤ᠌ ᠲᠤᠩ ᠣᠢᠷᠠᠲᠤᠵᠤ ᠬᠦᠷᠦᠭᠰᠡᠨ ᠶᠠᠩᠵᠤ ᠲᠠᠢ᠂ ᠪᠠᠳᠠᠢ ᠶ᠋ᠢᠨ ᠵᠢᠷᠠᠨ ᠤ᠋ ᠡᠯᠡᠰᠦᠨ ᠦ᠌ ᠡᠮᠦᠨ᠎ᠡ ᠵᠠᠬ᠎ᠠ ᠳ᠋ᠤ᠌ ᠬᠦᠷᠦᠭᠡᠳ ᠰᠢᠷᠠᠯᠵᠢ ᠰᠢᠪᠠᠭ᠂ ᠪᠤᠲᠠ ᠥᠨᠳᠥᠷ ᠪᠣᠯᠬᠣᠷ ᠴᠢᠨᠣ᠎ᠠ ᠪᠠᠨ ᠠᠯᠳᠠᠴᠢᠬᠠᠵᠠᠢ᠂ ᠲᠡᠭᠡᠭᠡᠳ ᠪᠤᠴᠠᠭᠠᠳ ᠶᠠᠪᠤᠵᠤ ᠪᠠᠢᠬᠤ ᠳ᠋ᠤ᠌ ᠨᠢ ᠣᠯᠵᠤ ᠠᠪᠤᠯ᠎ᠠ︾ ᠭᠡᠨ᠎ᠡ᠃ ᠡᠭᠡᠴᠢ ᠶ᠋ᠢ ᠬᠦᠷᠬᠦ ᠳ᠋ᠦ᠍ ᠪᠠᠰᠠ ᠪᠡᠶ᠎ᠡ ᠪᠡᠨ ᠶᠠᠭ ᠬᠤᠷᠢᠶᠠᠴᠢᠬᠠᠭᠰᠠᠨ ᠴᠡᠴᠡᠷᠡᠵᠦ ᠪᠠᠢᠭᠰᠠᠨ᠂ ᠪᠢ ᠬᠠᠮᠠᠷ ᠴᠢᠬᠢ ᠶ᠋ᠢ ᠨᠢ ᠬᠡᠰᠡᠭ ᠢᠯᠢᠭᠰᠡᠨ ᠳ᠋ᠦ᠍ ᠵᠢᠭᠠᠬᠠᠨ ᠵᠦᠭᠡᠷ ᠪᠣᠯᠤᠯ᠎ᠠ ᠭᠡᠪᠡ᠃ ᠢᠩᠭᠢᠭᠡᠳ ᠨᠠᠷᠠ ᠰᠢᠩᠭᠡᠬᠦ ᠡᠴᠡ ᠡᠮᠦᠨᠡᠬᠡᠨ ᠪᠢᠳᠡᠨ ᠬᠣᠶᠠᠷ ᠲᠡᠮᠡᠭᠡ ᠲᠡᠢ ᠮᠠᠯ ᠲᠠᠢ ᠪᠠᠨ ᠪᠦᠷᠢᠨ ᠪᠦᠲᠦᠨ ᠬᠠᠷᠢᠵᠤ ᠢᠷᠡᠭᠰᠡᠨ᠃ ᠲᠡᠷᠡ ᠣᠷᠣᠢ ᠨᠢ ᠮᠠᠨᠠᠢᠬᠢᠨ ᠮᠠᠯ ᠲᠡᠮᠡᠭᠡ ᠪᠡᠨ ᠠᠷᠴᠠ ᠪᠠᠷ ᠤᠲᠤᠵᠤ ᠠᠷᠢᠭᠤᠳᠬᠠᠵᠤ ᠡᠪᠡᠳᠴᠢᠨ ᠬᠢᠵᠢᠭ ᠢ᠋ ᠠᠷᠢᠯᠭᠠᠵᠤ ᠰᠡᠳᠬᠢᠯ ᠰᠠᠨᠠᠭ᠎ᠠ ᠶ᠋ᠢ ᠨᠢ ᠲᠠᠢᠪᠤᠰᠢᠷᠠᠭᠤᠯᠵᠤ ᠪᠠᠢᠭᠰᠠᠨ᠃ ᠰᠣᠨᠣᠰᠬᠤ ᠳ᠋ᠤ᠌ ᠬᠡᠳᠦᠨ ᠡᠳᠦᠷ ᠦ᠋ᠨ ᠳᠠᠷᠠᠭ᠎ᠠ ᠪᠠᠷᠢᠭᠠᠳᠠ ᠠ᠋ᠴᠠ ᠬᠥᠮᠦᠨ ᠵᠣᠬᠢᠶᠠᠨ ᠪᠠᠢᠭᠤᠯᠵᠤ ᠲᠡᠷᠡ ᠴᠢᠨᠣ᠎ᠠ ᠶ᠋ᠢ ᠠᠯᠠᠭᠰᠠᠨ ᠭᠡᠨ᠎ᠡ᠃
ᠪᠠᠰᠠ ᠨᠢᠭᠡ ᠨᠢ᠂ ᠨᠢᠭᠡᠨ ᠬᠠᠪᠤᠷ ᠤ᠋ᠨ ᠡᠬᠢᠨ ᠪᠠᠢᠭᠰᠠᠨ᠂ ᠮᠠᠨᠠᠢᠬᠢᠨ ᠣᠲᠣᠷ ᠢ᠋ᠶ᠋ᠠᠷ ᠪᠠᠷᠢᠭᠠᠳᠠ ᠠ᠋ᠴᠠ ᠳᠡᠮᠡᠢ ᠬᠣᠯᠠ ᠦᠭᠡᠢ ᠪᠠᠭᠤᠳᠠᠯᠯᠠᠵᠤ ᠪᠠᠢᠭᠰᠠᠨ᠃ ᠨᠢᠭᠡᠨ ᠥᠷᠯᠥᠭᠡ ᠡᠷᠲᠡ ᠬᠣᠰᠢ (ᠡᠳ᠋ ) ᠪᠠᠷᠠᠭ᠎ᠠ ᠪᠠᠨ ᠡᠭᠦᠷᠦᠭᠰᠡᠨ ᠭᠤᠷᠪᠠᠨ ᠬᠥᠮᠦᠨ ᠮᠠᠨ ᠤ᠋ ᠳ᠋ᠤ᠌ ᠢᠷᠡᠯ᠎ᠡ᠂ ᠲᠡᠭᠦᠨ ᠦ᠌ ᠳᠣᠲᠣᠷ᠎ᠠ ᠨᠢᠭᠡ ᠨᠢ ᠮᠠᠨ ᠤ᠋ ᠪᠠᠷᠢᠭᠠᠳᠠ ᠶ᠋ᠢᠨ ᠬᠥᠮᠦᠨ᠂ ᠨᠥᠭᠦᠭᠡ ᠬᠣᠶᠠᠷ ᠨᠢ ᠬᠤᠰᠢᠭᠤᠨ ᠤ᠋ ᠺᠠᠳ᠋ᠷ᠂ ᠲᠡᠳᠡᠨᠡᠷ ᠦ᠋ᠨ ᠬᠡᠯᠡᠬᠦ ᠪᠡᠷ ᠳᠣᠷᠣᠭᠰᠢ ᠪᠠᠭᠤᠵᠤ ᠠᠵᠢᠯ ᠳᠡᠮᠵᠢᠵᠦ ᠪᠠᠢᠭ᠎ᠠ ᠤᠯᠤᠰ ᠤ᠋ᠳ᠂ ᠣᠳᠣ ᠬᠣᠢᠲᠤ ᠪᠠᠷᠢᠭᠠᠳᠠ ᠳ᠋ᠤ᠌ ᠣᠴᠢᠬᠤ ᠤᠴᠢᠷ ᠲᠠᠢ ᠭᠡᠨ᠎ᠡ᠃ ᠥᠴᠥᠭᠡᠳᠦᠷ ᠶᠠᠪᠤᠬᠤ ᠭᠡᠳ ᠪᠠᠷᠢᠭᠠᠳᠠ ᠳᠡᠭᠡᠷ᠎ᠡ ᠤᠨᠤᠭᠠᠨ ᠤ᠋ ᠲᠡᠮᠡᠭᠡ ᠦᠭᠡᠢ ᠤᠴᠢᠷ ᠠ᠋ᠴᠠ ᠪᠠᠷᠢᠭᠠᠳᠠ ᠶ᠋ᠢᠨ ᠳᠠᠷᠤᠭ᠎ᠠ ᠮᠠᠨ ᠤ᠋ ᠲᠡᠮᠡᠭᠡ ᠣᠢᠷ᠎ᠠ ᠪᠠᠢᠬᠤ ᠶ᠋ᠢ ᠮᠡᠳᠡᠵᠦ ᠪᠠᠢᠬᠤ ᠲᠤᠯᠠ ᠡᠨᠡ ᠬᠥᠮᠦᠨ ᠢ᠋ ᠶᠠᠪᠤᠭᠤᠯᠵᠤ ᠮᠠᠨ ᠤ᠋ ᠲᠡᠮᠡᠭᠡ ᠡᠴᠡ ᠭᠤᠷᠪᠠ ᠶ᠋ᠢ ᠨᠢ ᠪᠠᠷᠢᠵᠤ ᠢᠷᠡᠭᠡᠳ ᠡᠨᠡ ᠬᠣᠶᠠᠷ ᠺᠠᠳ᠋ᠷ ᠢ᠋ ᠲᠡᠷᠡ ᠪᠠᠷᠢᠭᠠᠳᠠ ᠳᠡᠭᠡᠷ᠎ᠡ ᠬᠦᠷᠭᠡᠵᠦ ᠥᠭ ᠭᠡᠵᠡᠢ᠃ ᠲᠡᠷᠡ ᠬᠥᠮᠦᠨ ᠮᠠᠨ ᠤ᠋ ᠬᠡᠳᠦᠨ ᠲᠡᠮᠡᠭᠡ ᠶ᠋ᠢ ᠬᠥᠳᠡᠭᠡ ᠡᠴᠡ ᠣᠯᠵᠤ ᠠᠪᠤᠭᠠᠳ ᠨᠢᠭᠡ ᠶ᠋ᠢ ᠨᠢ ᠪᠠᠷᠢᠬᠤ ᠭᠡᠰᠡᠨ ᠴᠢᠨᠢ ᠥᠨᠥ ᠳ᠋ᠠᠯᠢᠩᠪᠣᠷᠤ ᠬᠠᠵᠠᠵᠤ ᠬᠥᠭᠡᠭᠡᠭᠡᠳ ᠶᠠᠭᠠᠬᠢᠭᠰᠠᠨ ᠴᠤ᠌ ᠲᠡᠮᠡᠭᠡᠨ ᠳ᠋ᠦ᠍ ᠣᠢᠷᠠᠲᠤᠭᠤᠯᠬᠤ ᠦᠭᠡᠢ ᠭᠡᠨ᠎ᠡ᠂ ᠲᠡᠭᠡᠭᠡᠳ ᠲᠡᠮᠡᠭᠡ ᠪᠠᠷᠢᠵᠤ ᠴᠢᠳᠠᠭᠰᠠᠨ ᠦᠭᠡᠢ᠂ ᠡᠨᠡ ᠥᠷᠯᠥᠭᠡ ᠵᠠᠮ ᠳᠠᠭᠠᠤ ᠮᠠᠨ ᠤ᠋ ᠳ᠋ᠤ᠌ ᠢᠷᠡᠵᠦ ᠡᠵᠡᠨ ᠢ᠋ᠶ᠋ᠡᠷ ᠨᠢ ᠲᠡᠮᠡᠭᠡ ᠶ᠋ᠢ ᠨᠢ ᠪᠠᠷᠢᠭᠤᠯᠵᠤ ᠲᠡᠷᠡ ᠬᠣᠶᠠᠷ ᠺᠠᠳ᠋ᠷ ᠢ᠋ ᠬᠣᠢᠲᠤ ᠪᠠᠷᠢᠭᠠᠳᠠ ᠳ᠋ᠤ᠌ ᠬᠦᠷᠭᠡᠵᠦ ᠥᠭᠬᠦ ᠭᠡᠰᠡᠨ ᠪᠠᠢᠵᠠᠢ᠃ ᠲᠡᠳᠡᠨ ᠦ᠌ ᠬᠡᠯᠡᠬᠦ ᠪᠡᠷ᠄ ᠲᠡᠮᠡᠭᠡᠨ ᠦ᠌ ᠬᠠᠵᠠᠭᠤ ᠳ᠋ᠤ᠌ ᠣᠴᠢᠭᠠᠳ ᠨᠢᠭᠡ ᠰᠡᠷᠡᠭᠡ(ᠬᠣᠶᠠᠷ ᠪᠦᠬᠦ ᠨᠢ ᠥᠭᠡᠳᠡ ᠪᠡᠨ ᠪᠣᠰᠤᠭ᠎ᠠ ) ᠰᠢᠷ᠎ᠠ ᠠᠳᠠ ᠶ᠋ᠢ ᠶᠠᠭ ᠪᠠᠷᠢᠬᠤ ᠭᠡᠵᠦ ᠪᠠᠢᠲᠠᠯ᠎ᠠ ᠳᠡᠮᠡᠢ ᠬᠣᠯᠠ ᠦᠭᠡᠢ ᠰᠢᠭ ᠨᠢᠭᠡ ᠪᠣᠷᠣ ᠠᠳᠠ ᠶᠠᠭ ᠡᠪᠦᠯ ᠦ᠋ᠨ ᠣᠷᠣᠭᠰᠠᠨ ᠪᠤᠤᠷ᠎ᠠ ᠰᠢᠭ᠋ ᠠᠮᠠᠨ ᠠ᠋ᠴᠠ ᠪᠠᠨ ᠴᠠᠭᠠᠨ ᠬᠥᠭᠡᠰᠦ ᠴᠣᠬᠣᠷᠴᠤ ᠬᠦᠵᠦᠭᠦᠦ ᠪᠡᠨ ᠭᠠᠵᠠᠷ ᠨᠠᠭᠠᠯᠳᠤᠭᠤᠯᠤᠨ ᠰᠦᠷ ᠬᠦᠴᠦᠲᠡᠢ ᠳᠠᠭᠠᠷᠢᠭᠠᠳ ᠢᠷᠡᠯ᠎ᠡ ᠭᠡᠨ᠎ᠡ᠂ ᠵᠣᠯ ᠢ᠋ᠶ᠋ᠠᠷ ᠬᠠᠵᠠᠭᠤ ᠳ᠋ᠤ᠌ ᠨᠢ ᠨᠢᠭᠡ ᠪᠦᠳᠦᠭᠦᠨ ᠬᠠᠷ᠎ᠠ ᠪᠤᠲᠠ ᠪᠠᠢᠵᠤ ᠪᠤᠲᠠᠨ ᠤ᠋ ᠠᠷᠤ ᠳ᠋ᠤ᠌ ᠨᠢᠭᠤᠭᠳᠠᠵᠤ ᠪᠠᠢᠵᠤ ᠰᠠᠶᠢ ᠳᠤᠲᠠᠭᠠᠵᠤ ᠭᠠᠷᠤᠭᠰᠠᠨ ᠭᠡᠨ᠎ᠡ᠃
ᠲᠡᠷᠡ ᠦᠶ᠎ᠡ ᠳ᠋ᠦ᠍ ᠲᠡᠮᠡᠭᠡ ᠠᠷᠪᠢᠨ᠂ ᠴᠢᠨᠣ᠎ᠠ ᠴᠤ᠌ ᠠᠷᠪᠢᠨ᠂ ᠴᠢᠨᠣ᠎ᠠ ᠬᠥᠭᠡᠭᠡᠳᠡᠭ ᠲᠡᠮᠡᠭᠡ ᠪᠠᠰᠠ ᠪᠠᠢᠭᠰᠠᠨ ᠪᠠᠢᠯᠭᠦᠢ᠂ ᠭᠡᠪᠡᠴᠦ ᠢᠵᠢᠯᠢ ᠪᠡᠨ ᠬᠠᠮᠠᠭᠠᠯᠠᠬᠤ ᠶ᠋ᠢᠨ ᠲᠥᠯᠥᠭᠡ ᠴᠢᠨᠣ᠎ᠠ ᠬᠥᠭᠡᠭᠡᠳᠡᠭ ᠠᠲᠠᠨ ᠲᠡᠮᠡᠭᠡ ᠲᠤᠩ ᠴᠥᠭᠡᠨ ᠪᠠᠢᠬ᠎ᠠ᠂ ᠨᠡᠩ ᠴᠦ᠍ ᠢᠵᠢᠯᠢ ᠪᠡᠨ ᠲᠠᠨᠢᠬᠤ ᠦᠭᠡᠢ ᠬᠥᠮᠦᠨ ᠳ᠋ᠦ᠍ ᠪᠠᠷᠢᠭᠤᠯᠬᠤ ᠦᠭᠡᠢ ᠭᠡᠵᠦ ᠬᠥᠮᠦᠨ ᠬᠥᠭᠡᠭᠡᠳᠡᠭ ᠲᠡᠮᠡᠭᠡ ᠪᠠᠷᠤᠭ ᠪᠠᠢᠳᠠᠭ ᠦᠭᠡᠢ ᠪᠠᠢᠬ᠎ᠠ᠃
ᠬᠠᠮᠲᠤ ᠨᠡᠢᠲᠡ ᠳ᠋ᠦ᠍ ᠪᠠᠢᠬᠤ ᠳ᠋ᠤ᠌ ᠪᠠᠷᠢᠭᠠᠳᠠ ᠨᠢᠭᠡᠳᠦᠯ ᠦ᠋ᠨ ᠬᠤᠷᠠᠯ ᠴᠤᠭᠯᠠᠭᠠᠨ ᠲᠤᠩ ᠠᠷᠪᠢᠨ ᠪᠠᠢᠳᠠᠭ ᠪᠠᠢᠭᠰᠠᠨ᠃ ᠶᠠᠮᠠᠷ ᠭᠡᠰᠢᠭᠦᠳ ᠦ᠋ᠨ ᠬᠤᠷᠠᠯ᠂ ᠨᠠᠮ ᠤ᠋ᠨ ᠭᠡᠰᠢᠭᠦᠨ ᠦ᠌ ᠬᠤᠷᠠᠯ᠂ ᠡᠷᠦᠬᠡ ᠶ᠋ᠢᠨ ᠴᠡᠷᠢᠭ ᠦ᠋ᠨ ᠬᠤᠷᠠᠯ᠂ ᠪᠣᠯᠪᠠᠰᠤᠷᠠᠯ᠂ ᠰᠤᠷᠤᠯᠴᠠᠯᠭ᠎ᠠ ᠭᠡᠬᠦ ᠮᠡᠲᠦ᠃ ᠵᠠᠷᠢᠮ ᠳ᠋ᠠᠭᠠᠨ ᠵᠢᠷᠭᠤᠭ᠎ᠠ ᠳᠣᠯᠣᠭᠠᠨ ᠡᠳᠦᠷ ᠦ᠋ᠨ ᠴᠤᠭᠯᠠᠭᠠᠨ ᠪᠣᠯᠳᠠᠭ᠃ ᠨᠢᠭᠡᠳᠦᠯ ᠪᠠᠷᠢᠭᠠᠳᠠ ᠳ᠋ᠤ᠌ ᠶᠠᠪᠤᠬᠤ ᠳ᠋ᠤ᠌ ᠮᠠᠨ ᠤ᠋ ᠭᠣᠪᠢ ᠭᠠᠵᠠᠷ ᠲᠡᠷᠭᠡ ᠬᠠᠰᠠᠭ ᠭᠡᠵᠦ ᠶᠡᠷᠦᠨᠢ ᠪᠠᠢᠳᠠᠭ ᠦᠭᠡᠢ᠂ ᠲᠡᠮᠡᠭᠡ ᠪᠡᠷ ᠤᠨᠤᠭ᠎ᠠ ᠬᠢᠵᠦ ᠣᠴᠢᠳᠠᠭ᠃ ᠲᠡᠭᠡᠬᠦ ᠪᠡᠷ ᠯᠠ ᠲᠡᠵᠢᠭᠡᠬᠦ ᠡᠪᠡᠰᠦ ᠣᠯᠳᠠᠳᠠᠭ ᠦᠭᠡᠢ᠂ ᠲᠠᠯᠪᠢᠵᠤ ᠢᠳᠡᠭᠦᠯᠬᠦ ᠡᠪᠡᠰᠦ ᠲᠡᠵᠢᠭᠡᠷᠢ ᠬᠣᠪᠣᠷᠬᠠᠨ ᠮᠥᠷᠲᠡᠭᠡᠨ ᠬᠠᠷᠠᠵᠤ ᠬᠠᠷᠢᠭᠤᠯᠬᠤ ᠬᠥᠮᠦᠨ ᠴᠦ᠍ ᠪᠠᠢᠳᠠᠭ ᠦᠭᠡᠢ᠂ ᠲᠤᠱᠠᠭᠠᠳ ᠲᠠᠯᠪᠢᠭᠰᠠᠨ ᠴᠤ᠌ ᠲᠡᠮᠡᠭᠡ ᠵᠣᠭᠰᠣᠳᠠᠭ ᠦᠭᠡᠢ᠃ ᠡᠢᠮᠦ ᠦᠶ᠎ᠡ ᠳ᠋ᠦ᠍ ᠮᠠᠨᠠᠢᠬᠢᠨ ᠠ᠋ᠴᠠ ᠬᠡᠨ ᠨᠢ ᠶᠠᠪᠤᠭᠰᠠᠨ ᠴᠤ᠌ ᠳ᠋ᠠᠯᠢᠩᠪᠣᠷᠤ ᠪᠠᠨ ᠯᠠ ᠤᠨᠤᠵᠤ ᠶᠠᠪᠤᠳᠠᠭ᠂ ᠣᠴᠢᠳᠠᠭ ᠭᠠᠵᠠᠷ ᠢ᠋ᠶ᠋ᠠᠨ ᠣᠴᠢᠭᠠᠳ ᠠᠪᠬᠤ ᠴᠢᠬᠤᠯᠠ ᠲᠠᠢ ᠶᠠᠭᠤᠮ᠎ᠠ ᠪᠠᠨ ᠠᠪᠤᠭᠠᠳ ᠨᠢᠷᠤᠭᠤᠨ ᠳ᠋ᠤ᠌ ᠨᠢ ᠰᠠᠢᠨ ᠠᠴᠢᠶᠠᠯᠠᠭᠠᠳ ᠲᠠᠯᠪᠢᠵᠤ ᠶᠠᠪᠤᠭᠤᠯᠴᠢᠬᠠᠪᠠᠯ ᠪᠣᠯᠤᠭᠰᠠᠨ ᠲᠡᠷᠡ᠃ ᠲᠡᠷᠡ ᠦᠶ᠎ᠡ ᠳ᠋ᠦ᠍ ᠵᠣᠭᠣᠰ ᠮᠥᠩᠭᠥ ᠳᠤᠲᠠᠮᠠᠭ᠂ ᠪᠠᠷᠠᠭ᠎ᠠ ᠲᠠᠸᠠᠷ ᠬᠣᠪᠣᠷ᠂ ᠠᠮᠢᠳᠤᠷᠠᠯ ᠲᠤᠩ ᠵᠦᠳᠡᠭᠦᠦ ᠪᠠᠢᠭᠰᠠᠨ ᠴᠠᠭ᠂ ᠬᠡᠵᠢᠶ᠎ᠡ ᠨᠢᠭᠡ ᠬᠣᠷᠰᠢᠶᠠᠨ (ᠠᠷᠠᠯᠵᠢᠶ᠎ᠠ ᠮᠠᠢᠮᠠᠢ ᠬᠢᠵᠦ ᠶᠠᠭᠤᠮ᠎ᠠ ᠬᠤᠳᠠᠯᠳᠤᠳᠠᠭ ᠭᠠᠵᠠᠷ) ᠲᠤ᠌ ᠣᠴᠢᠪᠠᠯ ᠳ᠋ᠧᠩ ᠦ᠋ᠨ ᠲᠣᠰᠣ᠂ ᠵᠢᠭᠠᠬᠠᠨ ᠬᠠᠷ᠎ᠠ᠂ ᠴᠠᠭᠠᠨ ᠰᠢᠬᠢᠷ᠂ ᠴᠦᠳᠡᠩ᠂ ᠴᠠᠢ ᠵᠡᠷᠭᠡ ᠶ᠋ᠢᠨ ᠶᠠᠭᠤᠮ᠎ᠠ ᠠᠪᠳᠠᠭ᠃ ᠡᠳᠡᠭᠡᠷ ᠶᠠᠭᠤᠮ᠎ᠠ ᠪᠠᠨ ᠳ᠋ᠠᠯᠢᠩᠪᠣᠷᠤ ᠳᠡᠭᠡᠷ᠎ᠡ ᠪᠡᠨ ᠠᠴᠢᠭᠠᠳ ᠪᠤᠷᠠᠨᠲᠠᠭ ᠢ᠋ ᠨᠢ ᠬᠦᠵᠦᠭᠦᠦ ᠳ᠋ᠦ᠍ ᠨᠢ ᠰᠠᠢᠨ ᠭᠡᠭᠴᠢ ᠡᠪᠬᠡᠵᠦ ᠲᠠᠯᠪᠢᠭᠠᠳ ᠶᠠᠪᠤᠭᠤᠯᠴᠢᠬᠠᠪᠠᠯ ᠵᠠᠮ ᠳ᠋ᠠᠭᠠᠨ ᠲᠦᠮᠡ ᠮᠢᠩᠭᠠᠨ ᠲᠡᠮᠡᠭᠡ ᠪᠠᠢᠭᠰᠠᠨ ᠴᠤ᠌ ᠶᠡᠷᠦ ᠡᠴᠡ ᠲᠣᠷᠴᠤ ᠲᠡᠭᠡᠭᠯᠡᠳᠡᠭ ᠦᠭᠡᠢ᠂ ᠥᠭᠡᠷ᠎ᠡ ᠠᠢᠯ ᠤ᠋ᠨ ᠲᠡᠮᠡᠭᠡᠨ ᠳ᠋ᠦ᠍ ᠢᠵᠢᠯᠢᠰᠢᠳᠡᠭ ᠴᠦ᠍ ᠦᠭᠡᠢ᠂ ᠶᠠᠭ ᠯᠠ ᠳᠡᠭᠡᠷ᠎ᠡ ᠨᠢ ᠬᠥᠮᠦᠨ ᠤᠨᠤᠭᠰᠠᠨ ᠶᠤᠮ ᠰᠢᠭ᠋ ᠰᠢᠭᠤᠳ ᠭᠡᠷ ᠵᠦᠭ ᠢ᠋ᠶ᠋ᠡᠨ ᠶᠠᠪᠤᠳᠠᠭ᠃ ᠪᠠᠷᠢᠭᠠᠳᠠ ᠠ᠋ᠴᠠ ᠵᠢᠷᠠ ᠳᠠᠯᠠᠨ ᠤ᠋ ᠭᠠᠵᠠᠷ᠂ ᠬᠡᠷᠪᠡ ᠥᠷᠯᠥᠭᠡ ᠡᠷᠲᠡ ᠲᠠᠯᠪᠢᠭᠰᠠᠨ ᠪᠣᠯ ᠵᠠᠷᠢᠮ ᠳ᠋ᠠᠭᠠᠨ ᠡᠳᠦᠷ ᠲᠡᠭᠡᠨ ᠭᠡᠷ ᠲᠡᠭᠡᠨ ᠬᠠᠷᠢᠭᠠᠳ ᠢᠷᠡᠳᠡᠭ᠂ ᠬᠠᠮᠤᠭ ᠣᠷᠣᠢ ᠳ᠋ᠠᠭᠠᠨ ᠵᠠᠮ ᠳ᠋ᠤ᠌ ᠨᠢᠭᠡ ᠬᠣᠨᠣᠭᠠᠳ ᠮᠠᠷᠭᠠᠰᠢ ᠨᠢ ᠢᠷᠡᠴᠢᠬᠡᠳᠡᠭ᠂ ᠭᠡᠷ ᠣᠢᠷᠠᠲᠤᠵᠤ ᠢᠷᠡᠭᠡᠳ ᠢᠵᠢᠯᠢ ᠨᠢ ᠦᠵᠡᠭᠳᠡᠪᠡᠯ ᠢᠵᠢᠯᠢ ᠶ᠋ᠢᠨ ᠢ᠋ᠶ᠋ᠡᠨ ᠬᠠᠵᠠᠭᠤ ᠳ᠋ᠤ᠌ ᠣᠴᠢᠳᠠᠭ᠂ ᠢᠵᠢᠯᠢ ᠨᠢ ᠦᠭᠡᠢ ᠪᠣᠯ ᠭᠡᠷ ᠦ᠋ᠨ ᠭᠠᠵᠠᠭ᠎ᠠ (ᠭᠠᠳᠠᠨ᠎ᠠ ) ᠢᠷᠡᠳᠡᠭ᠃ ᠪᠢᠳᠡ ᠪᠠᠷᠢᠭᠠᠳᠠ ᠨᠢᠭᠡᠳᠦᠯ ᠡᠴᠡ ᠠᠷᠪᠢᠨ ᠤᠳᠠᠭ᠎ᠠ ᠲᠡᠭᠡᠵᠦ ᠲᠠᠯᠪᠢᠭᠰᠠᠨ᠂ ᠵᠠᠮ ᠳ᠋ᠠᠭᠠᠨ ᠶᠡᠷᠦ ᠨᠢ ᠬᠥᠮᠦᠨ ᠦ᠌ ᠬᠥᠮᠦᠨ ᠳ᠋ᠦ᠍ ᠪᠠᠷᠢᠭᠳᠠᠳᠠᠭ ᠦᠭᠡᠢ᠂ ᠬᠠᠮᠢᠶ᠎ᠠ ᠦᠭᠡᠢ ᠲᠣᠭᠣᠷᠢᠭᠠᠳ ᠶᠠᠪᠤᠴᠢᠬᠠᠳᠠᠭ ᠴᠤ᠌ ᠦᠭᠡᠢ᠂ ᠶᠠᠭ ᠯᠠ ᠶᠠᠪᠤᠭᠰᠠᠨ ᠮᠥᠷ ᠢ᠋ᠶ᠋ᠡᠷ ᠢ᠋ᠶ᠋ᠡᠨ ᠳᠠᠭᠠᠵᠤ ᠪᠤᠴᠠᠳᠠᠭ᠃ ᠮᠠᠨ ᠤ᠋ ᠪᠠᠷᠢᠭᠠᠳᠠ ᠶ᠋ᠢᠨ ᠬᠢᠨ <ᠶᠠᠩᠵᠤ ᠶ᠋ᠢᠨ ᠮᠠᠯ᠂ ᠮᠠᠭᠤ ᠰᠢᠭ᠋ ᠬᠡᠯᠡ(ᠴᠢᠮᠡᠭᠡ ) ᠬᠦᠷᠭᠡᠳᠡᠭ ᠬᠥᠮᠦᠨ ᠡᠴᠡ ᠯᠡ ᠳᠡᠭᠡᠷ᠎ᠡ ᠠᠮᠢᠲᠠᠨ> ᠭᠡᠵᠦ ᠶᠡᠬᠡ ᠯᠡ ᠭᠠᠢᠬᠠᠴᠢᠬᠠᠳᠠᠭ ᠪᠠᠢᠭᠰᠠᠨ᠃
ᠡᠨᠡ ᠠᠳᠠ ᠬᠣᠲᠠᠨ ᠤ᠋ ᠬᠡᠳᠦᠨ ᠲᠡᠮᠡᠭᠡᠨ ᠳ᠋ᠡᠭᠡᠨ ᠲᠡᠷᠢᠭᠦᠯᠡᠵᠦ ᠵᠢᠯᠣᠭᠣᠳᠴᠤ ᠪᠠᠢᠳᠠᠭ᠃ ᠬᠠᠪᠤᠷ ᠣᠷᠣᠢ ᠰᠢᠭ᠋ ᠪᠣᠯᠬᠤ ᠳ᠋ᠤ᠌ ᠪᠤᠰᠤᠳ ᠨᠢ ᠲᠣᠭᠲᠠᠭᠤᠨ ᠢᠳᠡᠰᠢᠯᠡᠵᠦ ᠪᠠᠢᠬᠤ ᠳ᠋ᠤ᠌ ᠲᠡᠷᠡ ᠭᠠᠭᠴᠠ ᠪᠠᠷ ᠢ᠋ᠶ᠋ᠠᠨ ᠲᠣᠯᠣᠭᠠᠢ ᠶ᠋ᠢᠨ ᠣᠷᠣᠢ ᠳᠡᠭᠡᠷ᠎ᠡ ᠭᠠᠷᠤᠭᠠᠳ ᠡᠢᠰᠢ ᠲᠡᠢᠰᠢ ᠬᠠᠷᠠᠭᠠᠳ ᠮᠠᠰᠢ ᠤᠳᠠᠭᠠᠨ ᠵᠣᠭᠰᠣᠵᠤ ᠪᠠᠢᠪᠠᠯ ᠬᠣᠯᠠ ᠲᠣᠭᠣᠷᠢᠬᠤ ᠪᠠᠷ ᠶᠠᠪᠤᠨ᠎ᠠ ᠭᠡᠰᠡᠨ ᠰᠢᠨᠵᠢ᠃ ᠢᠩᠭᠢᠵᠦ ᠵᠣᠭᠰᠣᠵᠤ ᠪᠠᠢᠭᠠᠳ ᠯᠠ ᠬᠣᠶᠠᠷ ᠡᠳᠦᠷ ᠡᠴᠡ ᠢᠵᠢᠯᠢ ᠪᠡᠨ ᠳᠠᠭᠠᠭᠤᠯᠤᠭᠠᠳ ᠬᠣᠯᠠ ᠶᠠᠪᠤᠵᠤ ᠲᠣᠭᠣᠷᠢᠳᠠᠭ᠂ ᠨᠠᠭᠠᠰᠢ ᠴᠠᠭᠠᠰᠢ ᠪᠠᠷᠤᠭ ᠨᠢᠭᠡ ᠬᠣᠶᠠᠷ ᠵᠠᠭᠤᠨ ᠤ᠋ ᠭᠠᠵᠠᠷ ᠶᠠᠪᠤᠳᠠᠭ᠂ ᠲᠡᠷᠡ ᠦᠶ᠎ᠡ ᠳ᠋ᠦ᠍ ᠲᠡᠮᠦᠷ ᠤᠲᠠᠰᠤ ᠲᠣᠣᠷ ᠭᠡᠰᠡᠨ ᠶᠠᠭᠤᠮ᠎ᠠ ᠪᠠᠢᠬᠤ ᠦᠭᠡᠢ ᠲᠤᠯᠠ ᠬᠠᠮᠢᠭᠠᠰᠢ ᠪᠠᠨ ᠴᠤ᠌ ᠶᠠᠪᠤᠵᠤ ᠮᠡᠳᠡᠨ᠎ᠡ᠂ ᠬᠥᠮᠦᠨ ᠲᠡᠭᠦᠨ ᠢ᠋ ᠮᠡᠳᠡᠬᠦ ᠠᠷᠭ᠎ᠠ ᠦᠭᠡᠢ᠂ ᠶᠠᠪᠤᠭᠰᠠᠨ ᠤ᠋ ᠠᠷᠤ ᠳ᠋ᠤ᠌ ᠨᠢ ᠮᠥᠷ ᠢ᠋ ᠨᠢ ᠭᠠᠷᠭᠠᠬᠤ ᠬᠡᠷᠡᠭ ᠪᠣᠯᠳᠠᠭ᠃ ᠶᠠᠭᠤᠨ ᠳ᠋ᠤ᠌ ᠭᠡᠨᠡᠳᠲᠡ ᠲᠡᠭᠡᠵᠦ ᠪᠡᠯᠴᠢᠭᠡᠷ ᠡᠴᠡ ᠬᠣᠯᠠ ᠭᠠᠷᠴᠤ ᠶᠠᠪᠤᠳᠠᠭ ᠢ᠋ ᠮᠡᠳᠡᠬᠦ ᠦᠭᠡᠢ᠃ ᠲᠡᠷᠡ ᠦᠶ᠎ᠡ ᠳ᠋ᠦ᠍ ᠪᠣᠳᠣᠬᠤ ᠳ᠋ᠤ᠌ ᠨᠢᠭᠡ ᠪᠣᠯ ᠨᠢᠭᠡ ᠪᠡᠯᠴᠢᠭᠡᠷ ᠲᠦ᠍ ᠤᠳᠠᠭᠠᠨ ᠪᠠᠢᠬᠤᠯᠠᠷ ᠪᠠᠷᠤᠭ ᠤᠢᠳᠬᠠᠷ ᠬᠦᠷᠳᠡᠭ ᠪᠠᠢᠬ᠎ᠠ᠂ ᠢᠩᠭᠢᠭᠡᠳ ᠪᠡᠯᠴᠢᠭᠡᠷ ᠦ᠋ᠨ ᠢ᠋ᠶ᠋ᠡᠨ ᠭᠠᠳᠠᠠᠭᠤᠷ ᠨᠢᠭᠡ ᠲᠣᠭᠣᠷᠢᠵᠤ ᠭᠠᠵᠠᠷ ᠤᠰᠤ ᠦᠵᠡᠵᠦ ᠤᠢᠳᠬᠠᠷ ᠢ᠋ᠶ᠋ᠠᠨ ᠲᠠᠢᠯᠠᠶ᠎ᠠ ᠭᠡᠵᠦ ᠶᠠᠪᠤᠳᠠᠭ ᠪᠠᠢᠵᠤ ᠴᠤ᠌ ᠮᠡᠳᠡᠨ᠎ᠡ᠂ ᠪᠠᠰᠠ ᠨᠢᠭᠡ ᠪᠣᠯ ᠪᠡᠯᠴᠢᠭᠡᠷ ᠦ᠋ᠨ ᠡᠪᠡᠰᠦ ᠨᠢ ᠪᠠᠭ᠎ᠠ ᠲᠠᠴᠢᠷᠳᠠᠵᠤ ᠰᠢᠨ᠎ᠡ ᠰᠣᠷᠭᠣᠭ ᠡᠪᠡᠰᠦ ᠰᠣᠯᠢᠬᠤ ᠶ᠋ᠢᠨ ᠬᠠᠮᠲᠤ ᠪᠡᠯᠴᠢᠭᠡᠷ ᠢ᠋ᠶ᠋ᠡᠨ ᠡᠷᠭᠢᠵᠦ ᠶᠠᠮᠠᠷ ᠭᠠᠵᠠᠷ ᠡᠪᠡᠰᠦ ᠨᠣᠭᠣᠭ᠎ᠠ ᠰᠠᠢᠨ ᠪᠠᠢᠬᠤ ᠶ᠋ᠢ ᠦᠵᠡᠬᠦ ᠪᠡᠷ ᠶᠠᠪᠤᠳᠠᠭ ᠪᠠᠢᠬ᠎ᠠ᠃ ᠲᠡᠭᠦᠨ ᠦ᠌ ᠲᠣᠯᠣᠭᠠᠢ ᠶ᠋ᠢᠨ ᠣᠷᠣᠢ ᠳ᠋ᠤ᠌ ᠵᠣᠭᠰᠣᠵᠤ ᠪᠠᠢᠬᠤ ᠶ᠋ᠢ ᠦᠵᠡᠭᠡᠳ ᠣᠢᠷ᠎ᠠ ᠳ᠋ᠤ᠌ ᠲᠡᠮᠡᠭᠡ ᠠᠴᠢᠶᠠᠯᠠᠵᠤ ᠤᠨᠤᠵᠤ ᠡᠳ᠋ᠯᠡᠬᠦ ᠤᠴᠢᠷ ᠲᠠᠢ ᠪᠣᠯ ᠬᠤᠷᠳᠤᠨ ᠣᠴᠢᠵᠤ ᠪᠠᠷᠢᠵᠤ ᠲᠤᠱᠠᠬᠤ ᠦᠭᠡᠢ ᠪᠣᠯ ᠶᠠᠪᠤᠨ᠎ᠠ ᠭᠡᠰᠡᠨ ᠯᠡ ᠦᠭᠡ᠃ ᠶᠠᠪᠤᠭᠠᠳ ᠡᠬᠢᠯᠡᠪᠡᠯ ᠶᠠᠭ ᠬᠥᠮᠦᠨ ᠲᠠᠭᠤᠭᠰᠠᠨ ᠮᠡᠲᠦ ᠵᠠᠮ ᠳ᠋ᠠᠭᠠᠨ ᠲᠠᠪᠠ ᠪᠠᠷ ︵ᠭᠠᠵᠢᠭᠤ) ᠢᠳᠡᠰᠢᠯᠡᠨ᠎ᠡ ᠭᠡᠵᠦ ᠪᠠᠢᠳᠠᠭ ᠦᠭᠡᠢ᠂ ᠠᠷᠤ ᠠ᠋ᠴᠠ ᠨᠢ ᠬᠥᠭᠡᠭᠡᠵᠦ ᠭᠦᠢᠴᠡᠨ᠎ᠡ ᠭᠡᠵᠦ ᠰᠠᠨᠠᠬᠤ ᠦᠭᠡᠢ ᠬᠡᠷᠡᠭ᠂ ᠲᠡᠷᠡ ᠦᠶ᠎ᠡ ᠳ᠋ᠦ᠍ ᠣᠳᠣ ᠰᠢᠭ᠋ ᠮᠣᠲ᠋ᠣᠷ᠂ ᠲᠡᠷᠭᠡ ᠦᠭᠡᠢ ᠶᠤᠮ ᠴᠢᠨᠢ ᠬᠣᠶᠠᠷ ᠶᠠᠪᠠᠭᠠᠨ ᠬᠥᠯ ᠢ᠋ᠶ᠋ᠡᠷ ᠢ᠋ᠶ᠋ᠡᠨ ᠲᠡᠮᠡᠭᠡᠨ ᠦ᠌ ᠳᠥᠷᠪᠡᠨ ᠬᠥᠯ ᠲᠡᠢ ᠦᠵᠡᠯᠴᠡᠨᠡ ᠭᠡᠰᠡᠨ ᠤᠴᠢᠷ᠃ ᠬᠡᠷᠪᠡ ᠪᠠᠴᠢᠮ ᠡᠳ᠋ᠯᠡᠬᠦ ᠬᠡᠷᠡᠭᠴᠡᠭᠡ ᠦᠭᠡᠢ ᠪᠣᠯ ᠠᠷᠤ ᠠ᠋ᠴᠠ ᠨᠢ ᠰᠠᠨᠳᠤᠷᠴᠤ ᠬᠥᠭᠡᠭᠡᠴᠡᠯᠳᠦᠬᠦ ᠬᠡᠷᠡᠭ ᠦᠭᠡᠢ᠂ ᠤᠳᠠᠭᠠᠨ ᠳ᠋ᠠᠭᠠᠨ ᠵᠢᠷᠭᠤᠭ᠎ᠠ᠂ ᠳᠣᠯᠣᠭᠠᠨ ᠬᠣᠨᠣᠭ ᠶᠠᠪᠤᠭᠠᠳ ᠳᠠᠬᠢᠭᠠᠳ ᠢᠵᠢᠯᠢ ᠪᠡᠨ ᠳᠠᠭᠠᠭᠤᠯᠤᠨ ᠨᠤᠲᠤᠭ ᠤᠰᠤᠨ ᠳ᠋ᠠᠭᠠᠨ ᠪᠤᠴᠠᠭᠠᠳ ᠢᠷᠡᠳᠡᠭ᠃ ᠨᠢᠭᠡ ᠮᠡᠳᠡᠬᠦ ᠳ᠋ᠦ᠍ ᠪᠡᠯᠴᠢᠭᠡᠷ ᠲᠡᠭᠡᠨ᠂ ᠡᠰᠡᠪᠡᠯ ᠬᠤᠳᠳᠤᠭ ᠤᠰᠤᠨ ᠳᠡᠭᠡᠷ᠎ᠡ ᠪᠡᠨ ᠢᠷᠡᠴᠢᠬᠡᠭᠰᠡᠨ ᠪᠠᠢᠳᠠᠭ᠃ ᠨᠣᠣᠰᠣᠨ ᠤ᠋ ᠴᠠᠭ ᠲᠤ᠌ ᠪᠣᠯ ᠬᠠᠷᠢᠨ ᠶᠠᠪᠤᠭᠤᠯᠵᠤ ᠪᠣᠯᠬᠤ ᠦᠭᠡᠢ᠂ ᠬᠥᠮᠦᠨ ᠠᠷᠭᠠᠯᠠᠵᠤ ᠪᠠᠷᠢᠵᠤ ᠠᠪᠤᠭᠠᠳ ᠨᠡᠩ ᠢᠯᠠᠩᠭᠤᠶ᠎ᠠ ᠭᠠᠨᠰᠦ ᠶ᠋ᠢᠨ ᠬᠢᠨ ᠪᠣᠯ ᠪᠠᠷᠢᠵᠤ ᠠᠪᠤᠭᠠᠳ ᠨᠣᠣᠰᠣ ᠶ᠋ᠢ ᠨᠢ ᠠᠪᠴᠢᠬᠠᠳᠠᠭ᠃ ᠲᠡᠷᠡ ᠦᠶ᠎ᠡ ᠶ᠋ᠢᠨ ᠮᠠᠯᠴᠢᠨ ᠠᠢᠯ ᠳ᠋ᠤ᠌ ᠬᠡᠯᠡᠪᠡᠯ ᠶᠡᠬᠡᠬᠡᠨ ᠬᠣᠬᠢᠷᠠᠯ ᠪᠣᠯᠳᠠᠭ᠃
ᠪᠢᠳᠡᠨ ᠦ᠌ ᠠᠵᠤ ᠠᠮᠢᠳᠤᠷᠠᠯ ᠳ᠋ᠤ᠌ ᠶᠣᠰᠣᠲᠠᠢ ᠠᠴᠢ ᠲᠤᠰᠠ ᠲᠠᠢ ᠮᠠᠯ ᠪᠠᠢᠭᠰᠠᠨ᠂ ᠠᠴᠢᠶᠠᠨ ᠤ᠋ ᠶᠡᠬᠡ ᠶ᠋ᠢ ᠲᠡᠭᠦᠨ ᠳᠡᠭᠡᠷ᠎ᠡ ᠠᠴᠢᠳᠠᠭ᠂ ᠠᠯᠢ ᠳᠤᠤᠭᠠᠷᠳᠠᠭ᠂ ᠪᠠᠯᠪᠠᠷᠠᠳᠠᠭ ᠶᠠᠭᠤᠮ᠎ᠠ ᠶ᠋ᠢ ᠪᠦᠷ ᠲᠡᠭᠦᠨ ᠳᠡᠭᠡᠷ᠎ᠡ ᠠᠴᠢᠳᠠᠭ᠂ ᠵᠠᠷᠢᠮ ᠳ᠋ᠠᠭᠠᠨ ᠵᠥᠪ ᠪᠤᠷᠤᠭᠤ ᠲᠠᠯ᠎ᠠ ᠠ᠋ᠴᠠ ᠨᠢ ᠵᠡᠭᠦᠭᠰᠡᠭᠡᠷ᠂ ᠨᠡᠮᠡᠭᠰᠡᠭᠡᠷ ᠪᠠᠢᠲᠠᠯ᠎ᠠ ᠠᠴᠢᠶ᠎ᠠ ᠨᠢ ᠲᠤᠩ ᠬᠦᠨᠳᠦ ᠪᠣᠯᠳᠠᠭ᠃ ᠲᠡᠷᠡ ᠴᠠᠭ ᠲᠤ᠌ ᠬᠣᠨᠢ ᠢᠮᠠᠭ᠎ᠠ ᠶᠡᠬᠡ ᠲᠥᠪᠯᠡᠷᠡᠩᠭᠦᠢ ᠬᠤᠷᠠᠭᠠᠯᠠᠵᠤ ᠢᠰᠢᠭᠡᠯᠡᠳᠡᠭ᠂ ᠢᠰᠢᠭᠡ ᠬᠤᠷᠠᠭ᠎ᠠ ᠪᠠᠨ ᠠᠴᠢᠬᠤ ᠭᠡᠵᠦ ᠵᠠᠪᠠᠯ ᠲᠡᠮᠡᠭᠡ ᠬᠥᠲᠥᠯᠵᠦ ᠶᠠᠪᠤᠬᠤ ᠬᠡᠷᠡᠭᠲᠡᠢ ᠪᠣᠯᠳᠠᠭ᠂ ᠡᠨᠡ ᠦᠶ᠎ᠡ ᠳ᠋ᠦ᠍ ᠰᠣᠩᠭᠣᠯᠲᠠ ᠦᠭᠡᠢ ᠳ᠋ᠠᠯᠢᠩᠪᠣᠷᠤ ᠯᠠ ᠪᠠᠢᠳᠠᠭ᠃ ᠮᠠᠯ ᠬᠠᠷᠢᠭᠤᠯᠬᠤ ᠳ᠋ᠠᠭᠠᠨ ᠬᠥᠲᠥᠯᠦᠭᠡᠳ ᠶᠠᠪᠤᠬᠤ ᠳ᠋ᠤ᠌ ᠬᠠᠵᠠᠭᠤ ᠪᠠᠷ ᠢᠳᠡᠭᠡᠳ ᠶᠠᠪᠤᠳᠠᠭ᠂ ᠰᠠᠶᠢ ᠭᠠᠷᠤᠭᠰᠠᠨ ᠬᠤᠷᠠᠭ᠎ᠠ ᠢᠰᠢᠭᠡ ᠶ᠋ᠢ ᠤᠭᠤᠲᠠᠨ ᠳ᠋ᠤ᠌ ᠬᠢᠭᠡᠳ ᠠᠴᠢᠬᠤ ᠳ᠋ᠤ᠌ ᠬᠤᠷᠠᠭ᠎ᠠ ᠢᠰᠢᠭᠡ ᠪᠠᠷᠬᠢᠷᠠᠵᠤ ᠲᠡᠯᠴᠢᠯᠡᠵᠦ ᠪᠠᠢᠳᠠᠭ ᠪᠣᠯᠪᠠᠴᠤ ᠲᠡᠷᠡ ᠠᠵᠢᠭ ᠴᠤ᠌ ᠦᠭᠡᠢ ᠪᠠᠢᠳᠠᠭ᠂ ᠵᠠᠷᠢᠮ ᠳ᠋ᠠᠭᠠᠨ ᠪᠤᠷᠠᠨᠲᠠᠭ ᠢ᠋ ᠨᠢ ᠰᠢᠭᠤᠭᠠᠳ ᠲᠠᠯᠪᠢᠴᠢᠬᠠᠳᠠᠭ᠂ ᠢᠰᠢᠭᠡ᠂ ᠬᠤᠷᠠᠭ᠎ᠠ ᠪᠠᠨ ᠨᠢᠷᠤᠭᠤᠨ ᠳ᠋ᠠᠭᠠᠨ ᠡᠭᠦᠷᠦᠭᠡᠳ ᠮᠠᠯ ᠤ᠋ᠨ ᠠᠷᠤ ᠠ᠋ᠴᠠ ᠰᠠᠢᠬᠠᠨ ᠳᠠᠭᠠᠭᠠᠳ ᠢᠳᠡᠰᠢᠯᠡᠭᠡᠳ ᠶᠠᠪᠤᠳᠠᠭ᠂ ᠵᠠᠷᠢᠮ ᠳ᠋ᠠᠭᠠᠨ ᠮᠠᠯ ᠠᠩᠭᠢᠷᠴᠤ ᠲᠠᠰᠤᠷᠠᠭᠰᠠᠨ ᠶᠤᠮ ᠤᠤ ᠡᠰᠡᠪᠡᠯ ᠮᠠᠯ ᠤ᠋ᠨ ᠲᠦᠷᠦᠭᠦᠴᠢ ᠶ᠋ᠢ ᠪᠤᠴᠠᠭᠠᠵᠤ ᠬᠥᠮᠦᠨ ᠬᠣᠯᠠ ᠰᠢᠭ᠋ ᠵᠠᠢᠳᠠᠬᠤ ᠳ᠋ᠤ᠌ ᠪᠤᠷᠠᠨᠲᠠᠭ ᠢ᠋ᠶ᠋ᠠᠷ ᠨᠢ ᠮᠣᠷᠴᠢᠯᠠᠭᠠᠳ(ᠪᠣᠭᠣᠴᠢᠬᠤ ᠮᠥᠷᠲᠡᠭᠡᠨ ᠲᠤᠱᠠᠬᠤ) ᠲᠠᠯᠪᠢᠳᠠᠭ᠃ ᠪᠢ ᠲᠡᠭᠦᠨ ᠢ᠋ ᠡᠳᠦᠷ ᠲᠡᠭᠡᠨ ᠮᠠᠯ ᠳ᠋ᠤ᠌ ᠳᠠᠭᠠᠭᠤᠯᠤᠭᠠᠳ᠂ ᠬᠥᠲᠥᠯᠦᠭᠡᠳ ᠢᠳᠡᠵᠦ ᠴᠠᠳᠬᠤ ᠦᠭᠡᠢ ᠪᠠᠢᠬ᠎ᠠ ᠭᠡᠵᠦ ᠶᠡᠬᠡ ᠦᠷᠦ ᠡᠪᠡᠳᠳᠡᠭ ᠪᠠᠢᠭᠰᠠᠨ᠂ ᠲᠡᠭᠡᠭᠡᠳ ᠪᠤᠲᠠᠨ ᠳᠣᠲᠣᠷ᠎ᠠ ᠮᠠᠯ ᠢᠳᠡᠭᠰᠡᠨ ᠦᠭᠡᠢ ᠰᠣᠷᠭᠣᠭ ᠡᠪᠡᠰᠦ ᠪᠠᠢᠪᠠᠯ ᠲᠡᠭᠦᠵᠦ ᠲᠡᠭᠦᠨ ᠳ᠋ᠡᠭᠡᠨ ᠢᠳᠡᠭᠦᠯᠳᠡᠭ᠃ ᠪᠤᠰᠤᠳ ᠲᠡᠮᠡᠭᠡ ᠬᠡᠳᠦᠢᠪᠡᠷ ᠠᠴᠢᠵᠤ ᠤᠨᠤᠬᠤ ᠳ᠋ᠤ᠌ ᠨᠣᠮᠣᠬᠠᠨ ᠪᠠᠢᠳᠠᠭ ᠪᠣᠯᠪᠠᠴᠤ ᠬᠠᠷᠢᠨ ᠮᠠᠢᠯᠠᠵᠤ ᠪᠠᠷᠬᠢᠷᠠᠭᠰᠠᠨ ᠢᠰᠢᠭᠡ᠂ ᠬᠤᠷᠠᠭ᠎ᠠ ᠠᠴᠢᠭᠠᠳ ᠮᠠᠯ ᠳᠠᠭᠠᠭᠤᠯᠵᠤ ᠢᠳᠡᠭᠡᠳ ᠶᠠᠪᠤᠳᠠᠭ ᠲᠡᠮᠡᠭᠡ ᠲᠤᠩ ᠬᠣᠪᠣᠷ ᠪᠠᠢᠭᠰᠠᠨ᠃
ᠥᠭᠡᠷ᠎ᠡ ᠠᠢᠯ ᠤ᠋ᠳ ᠤ᠋ᠨ ᠲᠡᠮᠡᠭᠡ ᠵᠤᠨ ᠪᠣᠯᠬᠤ ᠳ᠋ᠤ᠌ ᠲᠠᠯᠪᠢᠵᠤ ᠶᠠᠪᠤᠭᠤᠯᠤᠭᠠᠳ ᠨᠠᠮᠤᠷ ᠣᠷᠣᠢ ᠪᠣᠯᠬᠤ ᠳ᠋ᠤ᠌ ᠬᠤᠷᠢᠶᠠᠵᠤ ᠣᠯᠵᠤ ᠠᠪᠤᠨ᠎ᠠ ᠭᠡᠵᠦ ᠶᠡᠬᠡ ᠤᠴᠢᠷ ᠪᠣᠯᠳᠠᠭ᠂ ᠬᠥᠮᠦᠨ ᠳ᠋ᠦ᠍ ᠰᠤᠷᠠᠭ ᠵᠠᠩᠭᠢ ᠲᠠᠯᠪᠢᠵᠤ ᠪᠦᠭᠦᠳᠡᠭᠡᠷ ᠢ᠋ᠶ᠋ᠡᠨ ᠬᠠᠮᠵᠢᠯᠴᠠᠵᠤ ᠳᠡᠮᠵᠢᠯᠴᠡᠵᠦ ᠨᠢᠭᠡ ᠨᠢᠭᠡᠨ ᠳ᠋ᠡᠭᠡᠨ ᠬᠠᠷᠢᠯᠴᠠᠨ ᠣᠯᠵᠤ ᠥᠭᠳᠡᠭ᠃ ᠬᠡᠳᠦᠬᠡᠨ ᠲᠡᠮᠡᠭᠡ ᠲᠡᠢ ᠠᠢᠯ ᠪᠠᠢᠭᠠᠳ ᠵᠠᠷᠢᠮ ᠲᠡᠮᠡᠭᠡ ᠪᠡᠨ ᠡᠯᠡᠰᠦᠨ ᠵᠠᠭᠠᠭ ᠠ᠋ᠴᠠ ᠣᠯᠵᠤ᠂ ᠵᠠᠷᠢᠮ ᠢ᠋ ᠨᠢ ᠥᠭᠡᠷ᠎ᠡ ᠪᠠᠷᠢᠭᠠᠳᠠ᠂ ᠭᠦᠩᠱᠧ ᠡᠴᠡ ᠤᠪᠤᠷᠤᠭᠤ ᠰᠤᠪᠤᠷᠤᠭᠤ (ᠤᠷᠢᠳᠠ ᠬᠣᠢᠨ᠎ᠠ ) ᠣᠯᠵᠤ ᠢᠷᠡᠳᠡᠭ᠂ ᠭᠡᠪᠡᠴᠦ ᠮᠠᠨ ᠤ᠋ ᠬᠡᠳᠦᠨ ᠲᠡᠮᠡᠭᠡ ᠲᠡᠢᠮᠦ ᠪᠢᠰᠢ ᠶᠡᠷᠦ ᠡᠴᠡ ᠰᠠᠯᠵᠤ ᠪᠤᠲᠠᠷᠠᠳᠠᠭ ᠦᠭᠡᠢ ᠬᠡᠵᠢᠶᠡᠳᠡ ᠬᠠᠮᠲᠤ ᠪᠠᠢᠳᠠᠭ᠂ ᠨᠠᠮᠤᠷ ᠪᠣᠯᠵᠤ ᠰᠦᠯᠡ ᠭᠠᠷᠴᠤ (ᠡᠪᠡᠰᠦ ᠰᠢᠷᠠᠯᠠᠬᠤ ) ᠲᠡᠮᠡᠭᠡ ᠬᠤᠷᠢᠶᠠᠬᠤ ᠳ᠋ᠤ᠌ ᠲᠡᠭᠡᠵᠦ ᠬᠠᠢᠬᠤ ᠤᠴᠢᠷ ᠪᠠᠷᠤᠭ ᠪᠠᠢᠳᠠᠭ ᠦᠭᠡᠢ᠂ ᠵᠢᠯ ᠪᠣᠯᠭᠠᠨ ᠤ᠋ ᠨᠠᠮᠤᠷ ᠣᠷᠣᠢ ᠰᠢᠭ᠋ ᠥᠪᠡᠷᠰᠡᠳ ᠢ᠋ᠶ᠋ᠡᠨ ᠯᠡ ᠪᠡᠯᠴᠢᠭᠡᠷ ᠲᠡᠭᠡᠨ ᠪᠤᠶᠤ ᠡᠪᠦᠯᠵᠢᠶᠡᠨ ᠳ᠋ᠡᠭᠡᠨ ᠡᠰᠡᠪᠡᠯ ᠤᠰᠤᠨ ᠳ᠋ᠠᠭᠠᠨ ᠪᠥᠭᠡᠮ ᠢ᠋ᠶ᠋ᠡᠷ ᠢ᠋ᠶ᠋ᠡᠨ ᠪᠤᠴᠠᠭᠠᠳ ᠢᠷᠡᠴᠢᠬᠡᠭᠰᠡᠨ ᠪᠠᠢᠳᠠᠭ᠃ ᠡᠨᠡ ᠨᠢ ᠮᠥᠨ ᠳ᠋ᠠᠯᠢᠩᠪᠣᠷᠤ ᠶ᠋ᠢᠨ ᠲᠣᠯᠣᠭᠠᠢᠴᠢ ᠦᠢᠯᠡᠳᠦᠯ ᠦ᠋ᠨ ᠠᠴᠢ ᠭᠠᠪᠢᠶ᠎ᠠ ᠶᠤᠮ᠃ ᠪᠦᠬᠦ ᠬᠣᠲᠠᠨ ᠤ᠋ ᠲᠡᠮᠡᠭᠡ ᠲᠡᠭᠦᠨ ᠡᠴᠡ ᠶᠡᠷᠦ ᠰᠠᠯᠳᠠᠭ ᠦᠭᠡᠢ ᠲᠡᠭᠦᠨ ᠢ᠋ ᠪᠡᠨ ᠳᠠᠭᠠᠳᠠᠭ᠃ ᠶᠠᠭᠠᠬᠢᠭᠠᠳ ᠡᠢᠮᠦ ᠰᠡᠳᠬᠢᠯ ᠨᠢᠭᠡᠲᠡᠢ ᠪᠠᠢᠳᠠᠭ ᠢ᠋ ᠪᠢ ᠪᠠᠰᠠ ᠪᠣᠳᠣᠭᠠᠳ ᠣᠯᠳᠠᠭ ᠦᠭᠡᠢ᠃
ᠵᠠ ᠲᠡᠭᠡᠭᠡᠳ ᠳ᠋ᠠᠯᠢᠩᠪᠣᠷᠤ ᠭᠡᠵᠦ ᠡᠢᠮᠦ ᠯᠡ ᠠᠴᠢ ᠲᠤᠰᠠ ᠲᠠᠢ ᠮᠠᠯ ᠪᠠᠢᠭᠰᠠᠨ᠂ ᠴᠣᠬᠣᠮ ᠴᠤ᠌ ᠢᠵᠢᠯᠢ ᠳ᠋ᠡᠭᠡᠨ ᠡᠭᠡᠯᠢ ᠲᠡᠢ ᠡᠵᠡᠨ ᠳ᠋ᠡᠭᠡᠨ ᠢᠪᠡᠭᠡᠯ ᠲᠡᠢ ᠪᠡᠶ᠎ᠡ ᠵᠢᠰᠦ ᠪᠡᠷ ᠥᠨᠢᠷ ᠪᠠᠶᠠᠯᠢᠭ ᠰᠠᠢᠬᠠᠨ ᠲᠡᠮᠡᠭᠡ᠂ ᠲᠡᠢᠮᠦ ᠡᠴᠡ ᠮᠢᠨᠦ ᠰᠠᠨᠠᠭᠠᠨ ᠠ᠋ᠴᠠ ᠶᠡᠷᠦ ᠭᠠᠷᠳᠠᠭ ᠦᠭᠡᠢ᠂ ᠣᠳᠣ ᠬᠦᠷᠲᠡᠯ᠎ᠡ ᠵᠠᠷᠢᠮ ᠳ᠋ᠠᠭᠠᠨ ᠵᠡᠭᠦᠳᠦᠨ ᠳ᠋ᠦ᠍ ᠣᠷᠣᠵᠤ ᠨᠢᠳᠦᠨ ᠳ᠋ᠦ᠍ ᠦᠵᠡᠭᠳᠡᠬᠦ ᠰᠢᠭ ᠪᠣᠯᠳᠠᠭ᠃ ᠲᠡᠭᠡᠭᠡᠳ ᠲᠡᠭᠦᠨ ᠢ᠋ ᠪᠡᠨ ᠪᠣᠳᠣᠬᠤ ᠳ᠋ᠤ᠌ ᠶᠠᠭ ᠥᠪᠡᠷ ᠦ᠋ᠨ ᠨᠤᠲᠤᠭ ᠤᠰᠤ ᠮᠢᠨᠢ ᠦᠵᠡᠭᠳᠡᠬᠦ ᠰᠢᠭ᠂ ᠡᠪᠡᠰᠦ ᠤᠷᠭᠤᠮᠠᠯ ᠨᠢ ᠦᠨᠦᠷᠲᠦᠭᠳᠡᠬᠦ ᠰᠢᠭ᠂ ᠪᠠᠭ᠎ᠠ ᠶ᠋ᠢᠨ ᠨᠠᠰᠤᠨ ᠳ᠋ᠠᠭᠠᠨ ᠳᠠᠬᠢᠭᠠᠳ ᠣᠷᠣᠭᠰᠠᠨ ᠰᠢᠭ᠋ ᠠᠭᠤᠵᠢᠮ ᠪᠠᠶᠠᠷᠯᠠᠩᠭᠤᠢ ᠰᠠᠨᠠᠭᠳᠠᠵᠤ ᠪᠠᠶᠠᠰᠤᠯ ᠲᠥᠷᠥᠭᠡᠳ ᠪᠠᠢᠳᠠᠭ᠃
ᠪᠢ ᠨᠤᠲᠤᠭ ᠠ᠋ᠴᠠ ᠪᠠᠨ ᠰᠠᠯᠵᠤ ᠵᠢᠷᠭᠤᠭᠠᠨ ᠵᠢᠯ ᠴᠡᠷᠢᠭ ᠲᠦ᠍ ᠶᠠᠪᠤᠭᠰᠠᠨ᠂ ᠡᠨᠡ ᠳᠤᠮᠳᠠ ᠨᠢ ᠴᠢᠯᠥᠭᠡ ᠪᠡᠷ ᠨᠢᠭᠡ ᠤᠳᠠᠭ᠎ᠠ ᠭᠡᠷ ᠲᠡᠭᠡᠨ ᠬᠠᠷᠢᠵᠤ ᠢᠷᠡᠭᠰᠡᠨ ᠪᠣᠯᠪᠠᠴᠤ ᠵᠤᠨ ᠤ᠋ ᠤᠯᠠᠷᠢᠯ ᠪᠣᠯᠬᠣᠷ ᠲᠡᠷᠡ ᠲᠡᠮᠡᠭᠡ ᠪᠡᠨ ᠣᠯᠵᠤ ᠦᠵᠡᠭᠰᠡᠨ ᠦᠭᠡᠢ᠂ ᠰᠡᠭᠦᠯᠡᠷ ᠴᠡᠷᠢᠭ ᠡᠴᠡ ᠬᠠᠯᠠᠭᠳᠠᠭᠠᠳ ᠪᠤᠴᠠᠵᠤ ᠭᠡᠷ ᠲᠡᠭᠡᠨ ᠬᠠᠷᠢᠵᠤ ᠢᠷᠡᠬᠦ ᠳ᠋ᠦ᠍ ᠨᠢᠭᠡᠨᠲᠡ ᠦᠭᠡᠢ ᠪᠣᠯᠤᠭᠰᠠᠨ ᠪᠠᠢᠭᠰᠠᠨ᠃ ᠠᠷᠭ᠎ᠠ ᠴᠤ᠌ ᠦᠭᠡᠢ ᠳᠡ! ᠲᠡᠮᠡᠭᠡ ᠬᠣᠷᠢᠨ ᠬᠡᠳᠦ ᠬᠦᠷᠦᠨ᠎ᠡ ᠭᠡᠵᠦ ᠰᠠᠢᠨ ᠤᠳᠤᠮ ᠤ᠋ᠨ ᠲᠡᠮᠡᠭᠡ ᠪᠠᠢᠵᠠᠢ᠃ ᠬᠠᠭᠤᠴᠢᠨ ᠦᠭᠡᠨ ᠳ᠋ᠦ᠍ 《ᠮᠠᠯ ᠡᠵᠡᠨ ᠢ᠋ᠶ᠋ᠡᠨ》 ᠭᠡᠳᠡᠭ᠂ ᠡᠢᠮᠦ ᠬᠠᠴᠢᠨ ᠭᠠᠢᠬᠠᠯᠲᠠᠢ ᠮᠠᠯ ᠨᠢ ᠬᠠᠰᠢᠷ ᠭᠠᠪᠰᠢᠭᠠᠢ ᠮᠠᠯᠴᠢᠨ ᠤ᠋ ᠭᠠᠷ ᠠ᠋ᠴᠠ ᠯᠠ ᠭᠠᠷᠳᠠᠭ ᠪᠠᠢᠬ᠎ᠠ᠃
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠣᠳᠬᠠᠨᠰᠣ᠎ᠠ᠂ ᠵᠢᠩᠯᠢᠬᠤᠸᠠᠷ᠂ ᠬᠡᠯᠡᠰᠣᠶᠣᠯ᠂ ᠰᠡᠬᠡᠭᠡᠷᠡᠯ᠂ ᠳᠡᠭᠦᠦᠵᠠᠶᠠᠭ᠎ᠠ᠂ ᠭᠠᠷᠮ᠎ᠠ᠂ ᠰᠡᠴᠡᠨᠴᠢᠮᠡᠭ
ᠶᠡᠷᠦᠩᠬᠡᠢ ᠬᠢᠨᠠᠭᠴᠢ᠄ ᠨᠤᠮᠤᠴᠢᠨ ᠪᠢᠯᠢᠭ᠂ᠣᠳᠬᠠᠨᠰᠣ᠎ᠠ
