ᠭᠤᠷᠪᠠᠯᠵᠢ ᠡᠪᠡᠰᠦГурвалж өвс
ᠭᠤᠷᠪᠠᠯᠵᠢ ᠡᠪᠡᠰᠦ
ᠲᠤᠰ ᠡᠮ ᠪᠣᠯ ᠬᠠᠷ᠎ᠠ ᠭᠤᠷᠪᠠᠯᠵᠢ ᠡᠪᠡᠰᠦ ᠶ᠋ᠢᠨ ᠢᠵᠠᠭᠤᠷ ᠤ᠋ᠨ ᠤᠷᠭᠤᠮᠠᠯ ᠪᠣᠯᠬᠤ ᠬᠠᠷ᠎ᠠ ᠭᠤᠷᠪᠠᠯᠵᠢ ᠡᠪᠡᠰᠦ ᠶ᠋ᠢᠨ ᠬᠠᠲᠠᠭᠠᠭᠰᠠᠨ ᠲᠥᠮᠥᠰᠥᠯᠢᠭ ᠡᠰᠢ ᠮᠥᠨ᠃ ᠪᠠᠰᠠ ᠳ᠋ᠠᠮᠪᠤᠭᠠᠷᠠ ᠱᠠᠨᠪᠠ᠂ ᠳ᠋ᠠᠮᠪᠤᠭᠠᠷᠠ ᠮᠠᠨᠪᠠ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠦᠨᠳᠦᠰᠦᠯᠢᠭ ᠡᠰᠢ ᠨᠢ ᠬᠥᠨᠳᠡᠯᠡᠨ ᠤᠷᠭᠤᠨ᠎ᠠ᠃ ᠳᠣᠣᠷ᠎ᠠ ᠨᠢ ᠲᠤᠷᠤᠭ ᠮᠥᠷᠲᠡᠭᠡᠨ ᠣᠬᠣᠷ ᠲᠥᠮᠥᠰᠥᠯᠢᠭ ᠡᠰᠢ ᠲᠡᠢ᠃ ᠡᠰᠢ ᠨᠢ ᠰᠢᠯᠤᠭᠤᠨ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠭᠢᠯᠦᠭᠡᠷ᠂50-100cm ᠥᠨᠳᠥᠷ᠃ ᠨᠠᠪᠴᠢ ᠨᠢ ᠬᠣᠶᠠᠷ ᠮᠥᠷ ᠢ᠋ᠶ᠋ᠡᠷ ᠪᠤᠲᠠᠯᠠᠨ᠎ᠠ᠃ ᠨᠠᠪᠴᠢᠨ ᠢᠯᠲᠠᠰᠤ ᠨᠢ ᠪᠦᠰᠡᠯᠢᠭ ᠬᠡᠯᠪᠡᠷᠢ ᠲᠡᠢ᠂60-95cm ᠤᠷᠲᠤ᠂2cm ᠣᠷᠴᠢᠮ ᠥᠷᠭᠡᠨ᠂ ᠨᠠᠪᠴᠢᠨ ᠠᠷᠤ ᠳ᠋ᠤᠨᠢ1 ᠵᠤᠷᠪᠤᠰ ᠭᠤᠯᠳᠤ ᠢᠷᠮᠡᠭ ᠲᠡᠢ᠂ ᠮᠣᠬᠣᠭᠣ ᠱᠣᠪᠣᠭᠣᠷ ᠦᠵᠦᠭᠦᠷ ᠲᠡᠢ᠃ ᠤᠭ ᠨᠢ ᠡᠰᠢ ᠪᠡᠨ ᠪᠠᠭᠯᠠᠨ᠎ᠠ᠃ ᠴᠡᠴᠡᠭ ᠦ᠋ᠨ ᠡᠰᠢ ᠨᠢ ᠭᠠᠭᠴᠠᠭᠠᠷ᠂ ᠨᠠᠪᠴᠢᠨ ᠳᠤᠮᠳᠠ ᠠ᠋ᠴᠠ ᠤᠷᠭᠤᠬᠤ ᠪᠤᠶᠤ ᠬᠠᠶᠠ ᠰᠠᠯᠠᠭᠠᠯᠠᠨ᠎ᠠ᠃ ᠴᠡᠴᠡᠭ ᠨᠢ ᠭᠠᠭᠴᠠ ᠪᠡᠯᠭᠡ ᠲᠡᠢ᠂ ᠪᠥᠭᠡᠮᠨᠡᠷᠡᠭᠡᠳ ᠲᠣᠯᠣᠭᠠᠢ ᠬᠡᠯᠪᠡᠷᠢᠲᠦ ᠪᠠᠭ ᠴᠡᠴᠡᠭ ᠪᠣᠯᠳᠠᠭ᠃ ᠪᠠᠭᠯᠠᠭᠴᠢ ᠢᠯᠲᠠᠰᠤ ᠲᠠᠢ᠃ ᠡᠷ᠎ᠡ ᠪᠠᠭ ᠴᠡᠴᠡᠭ ᠨᠢ ᠡᠮ᠎ᠡ ᠪᠠᠭ ᠴᠡᠴᠡᠭ ᠦ᠋ᠨ ᠳᠡᠭᠡᠷ᠎ᠡ ᠲᠠᠯ᠎ᠠ ᠳ᠋ᠤ᠌ ᠪᠠᠢᠷᠢᠯᠠᠨ᠎ᠠ᠂ᠳ᠋ᠢᠶᠠᠮᠧᠲ᠋ᠷ ᠨᠢ10mm ᠣᠷᠴᠢᠮ᠂ ᠶᠡᠷᠦ ᠳ᠋ᠡᠭᠡᠨ2-10 ᠪᠣᠢ᠃ ᠡᠮ᠎ᠡ ᠪᠠᠭ ᠴᠡᠴᠡᠭ ᠦ᠋ᠨ ᠳ᠋ᠢᠶᠠᠮᠧᠲ᠋ᠷ ᠨᠢ12mm ᠡᠴᠡ ᠳᠡᠭᠡᠭᠰᠢ᠂ ᠶᠡᠷᠦ ᠳ᠋ᠡᠭᠡᠨ1-3 ᠪᠣᠢ᠃ ᠡᠷ᠎ᠡ ᠴᠡᠴᠡᠭ ᠦ᠋ᠨ ᠰᠢᠳᠠᠷ ᠨᠢ3-4᠂ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ᠃3 ᠡᠷ᠎ᠡ ᠲᠣᠭᠣᠷᠴᠣᠭ ᠲᠠᠢ᠃ ᠡᠮ᠎ᠡ ᠴᠡᠴᠡᠭ ᠨᠢ1 ᠡᠮ᠎ᠡ ᠲᠣᠭᠣᠷᠴᠣᠭ ᠲᠠᠢ᠂2 ᠡᠮ᠎ᠡ ᠲᠣᠭᠣᠷᠴᠣᠭ ᠲᠠᠢ ᠨᠢ ᠴᠥᠭᠡᠨ᠃ ᠤᠮᠠᠢ ᠨᠢ ᠡᠭᠡᠷᠡᠦᠯ ᠬᠡᠯᠪᠡᠷᠢ ᠲᠡᠢ᠂ ᠪᠠᠭᠠᠨ᠎ᠠ ᠶ᠋ᠢᠨ ᠠᠮᠠᠰᠠᠷ ᠨᠢ3-4mm ᠤᠷᠲᠤ᠂ ᠵᠢᠮᠢᠰ ᠨᠢ ᠶᠠᠰᠤᠲᠤ ᠵᠢᠮᠢᠰ ᠰᠢᠭ᠂ ᠲᠣᠩᠭᠣᠷᠤᠤ ᠥᠨᠳᠡᠭᠡᠯᠵᠢᠨ ᠱᠣᠷᠣᠯᠵᠢᠨ ᠬᠡᠯᠪᠡᠷᠢ ᠲᠡᠢ᠂6-10mmᠤᠷᠲᠤ᠂ ᠳ᠋ᠢᠶᠠᠮᠧᠲ᠋ᠷ ᠨᠢ4-8mm᠂ᠦᠵᠦᠭᠦᠷ ᠲᠤᠨᠢ ᠬᠤᠷᠴᠠ ᠱᠣᠪᠣᠭᠣᠷ ᠣᠷᠣᠢ ᠲᠠᠢ᠂ ᠴᠡᠴᠡᠭ ᠦ᠋ᠨ ᠰᠢᠳᠠᠷ ᠨᠢ ᠮᠥᠩᠬᠡ ᠣᠷᠣᠰᠢᠨ᠎ᠠ᠂6-7 ᠳ᠋ᠤᠭᠠᠷ ᠰᠠᠷ᠎ᠠ ᠳ᠋ᠤ᠌ ᠴᠡᠴᠡᠭᠯᠡᠵᠦ᠂7-8 ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠨᠠᠮᠤᠭ ᠬᠣᠲᠣᠭᠣᠷ ᠪᠤᠶᠤ ᠤᠰᠤᠨ ᠰᠤᠵᠠᠭ ᠤ᠋ᠨ ᠬᠥᠪᠡᠭᠡ ᠪᠡᠷ ᠤᠷᠭᠤᠨ᠎ᠠ᠃ ᠬᠠᠷᠠᠮᠦ᠋ᠷᠡᠨ᠂ ᠬᠢᠷᠢᠨ᠂ ᠯᠢᠶᠣᠤᠨᠢᠩ᠂ ᠥᠪᠥᠷ ᠮᠣᠩᠭᠣᠯ᠂ ᠾᠧᠪᠧᠢ᠂ ᠾᠧᠨᠠᠨ᠂ ᠱᠠᠨ ᠰᠢ᠂ ᠱᠠᠨᠰᠢ᠂ ᠨᠢᠩᠰᠢᠶᠠ᠂ ᠭᠠᠨᠰᠦ᠂ ᠵᠢᠶᠠᠩᠰᠦ᠂ᠠᠨᠾᠦᠢ᠂ ᠵᠧᠵᠢᠶᠠᠩ᠂ ᠵᠢᠶᠠᠩᠰᠢ᠂ ᠬᠤᠪᠧᠢ᠂ ᠬᠤᠨᠠᠨ᠂ ᠰᠧᠴᠤᠸᠠᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ᠂ ᠡᠪᠦᠯ ᠦ᠋ᠨ ᠤᠯᠠᠷᠢᠯ ᠳ᠋ᠤ᠌ ᠲᠥᠮᠥᠰᠥᠯᠢᠭ ᠡᠰᠢ ᠶ᠋ᠢ ᠨᠢ ᠮᠠᠯᠲᠠᠨ ᠠᠪᠴᠤ᠂ ᠨᠠᠪᠴᠢ ᠪᠠ ᠰᠠᠬᠠᠯ ᠦᠨᠳᠦᠰᠦ ᠶ᠋ᠢ ᠨᠢ ᠠᠷᠢᠯᠭᠠᠨ᠂ ᠤᠬᠢᠶᠠᠨ ᠴᠡᠪᠡᠷᠯᠡᠵᠦ᠂ ᠭᠠᠳᠠᠷ ᠬᠠᠯᠢᠰᠤ ᠶ᠋ᠢ ᠨᠢ ᠵᠣᠷᠭᠣᠵᠤ ᠬᠠᠶᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠂ ᠰᠡᠷᠢᠭᠦᠨ ᠴᠢᠨᠠᠷ ᠲᠠᠢ᠂ ᠮᠣᠬᠣᠳᠠᠭ᠂ ᠵᠥᠭᠡᠯᠡᠨ᠂ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠮᠠᠭᠤ ᠴᠢᠰᠤ ᠶ᠋ᠢ ᠲᠠᠲᠠᠬᠤ᠂ ᠠᠭᠤᠰᠬᠢᠨ ᠲᠠᠮᠢᠷ ᠢ᠋ ᠰᠠᠢᠵᠢᠷᠠᠭᠤᠯᠬᠤ ᠴᠢᠳᠠᠯ ᠲᠠᠢ᠃ ᠭᠣᠣᠯᠳᠠᠭᠤ ᠠᠭᠤᠰᠬᠢ ᠡᠯᠢᠭᠡᠨ ᠦ᠌ ᠬᠠᠭᠤᠴᠢᠷᠠᠭᠰᠠᠨ ᠬᠠᠯᠠᠭᠤᠨ᠂ ᠦᠭᠡᠷᠢ ᠴᠢᠰᠤ ᠲᠠᠢ ᠴᠡᠷᠯᠡᠬᠦ᠂ ᠶᠠᠰᠤᠨ ᠤ᠋ ᠬᠠᠯᠠᠭᠤᠨ᠂ ᠶᠠᠰᠤ ᠪᠡᠷᠲᠡᠭᠰᠡᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄三棱(黑三棱)
ᠠᠩᠭ᠌ᠯᠢ ᠨᠡᠷ᠎ᠡ᠄ Sparganium stoloniferum Buch. -Ham.
ᠦᠰᠦᠭ ᠠᠮᠢᠯᠠᠭᠤᠯᠤᠭᠴᠢ᠄ ᠴᠡᠪᠡᠷᠴᠡᠴᠡᠭ
ᠬᠢᠨᠠᠭᠴᠢ᠄ ᠲᠤᠶᠠᠭ᠎ᠠ
