ᠮᠥᠩᠬᠡᠷᠡᠬᠦᠢ - ᠱ ᠂ ᠭᠦᠷᠦᠪᠠᠽᠠᠷ Мөнхрөхүй – Ш᠂ Гүрбазар
ᠮᠥᠩᠬᠡᠷᠡᠬᠦᠢ
ᠱ᠂ ᠭᠦᠷᠦᠪᠠᠽᠠᠷ
ᠮᠥᠩᠬᠡᠷᠡᠬᠦᠢ
ᠲᠠᠭᠠᠷᠠᠭᠰᠠᠨ ᠴᠤ᠌᠂ ᠲᠠᠭᠠᠷᠠᠭ᠎ᠠ ᠦᠭᠡᠢ ᠴᠤ᠌
ᠳᠥᠷᠪᠡᠨ ᠴᠠᠭ ᠤ᠋ᠨ ᠰᠠᠯᠬᠢ ᠨᠠᠮᠠᠶ᠋ᠢ ᠣᠷᠢᠶᠠᠯᠭᠠᠨᠠ
ᠳᠠᠰᠤᠭᠰᠠᠨ ᠴᠤ᠌᠂ ᠲᠠᠰᠤᠭᠠ ᠦᠭᠡᠢ ᠴᠤ᠌
ᠳᠥᠴᠢᠨ ᠵᠢᠯ ᠬᠠᠨᠢᠯᠠᠭᠰᠠᠨ ᠬᠠᠨᠢ ᠮᠢᠨᠢ ᠨᠠᠳᠠ ᠳ᠋ᠤ᠌ ᠯᠠ ᠠᠭᠤᠰᠤᠨ᠎ᠠ
ᠤᠶᠠᠷᠠᠭᠰᠠᠨ ᠴᠤ᠌᠂ ᠤᠶᠠᠷᠠᠭ᠎ᠠ ᠦᠭᠡᠢ ᠴᠤ᠌
ᠤᠷᠲᠤ ᠶ᠋ᠢᠨ ᠳᠠᠭᠤᠤ ᠶ᠋ᠢᠨ ᠢ᠋ᠶ᠋ᠡᠨ ᠳᠡᠷᠭᠡᠳᠡ ᠪᠢ ᠥᠲᠡᠯᠦᠨ᠎ᠡ
ᠠᠭᠤᠴᠢᠯᠠᠭᠰᠠᠨ ᠴᠤ᠌᠂ ᠠᠭᠤᠴᠢᠯᠠᠭᠠ ᠦᠭᠡᠢ ᠴᠤ᠌
ᠤᠷᠤᠭᠤᠳᠠᠬᠤ᠂ ᠥᠭᠰᠥᠬᠦ ᠶ᠋ᠢᠨ ᠢ᠋ᠶ᠋ᠡᠨ ᠦᠨᠡᠨ ᠢ᠋ ᠪᠢ ᠡᠭᠦᠷᠦᠨ᠎ᠡ᠃
ᠠᠷᠭᠠᠳᠠᠭᠠᠳ
ᠠᠳᠬᠠᠭᠠᠳ᠂ ᠳᠠᠪᠴᠢᠭᠤᠳᠠᠭᠠᠳ
ᠤᠢᠮᠤᠷᠠᠭᠠᠳ᠂ ᠦᠢᠮᠡᠷᠡᠭᠡᠳ
ᠡᠷᠡᠭᠡᠯᠵᠡᠭᠡᠳ᠂ ᠡᠮᠵᠡᠭᠯᠡᠭᠡᠳ ᠴᠤ᠌ ᠶᠠᠭᠠᠬᠢᠬᠤ ᠨᠢ ᠪᠣᠢ ᠳᠠ ᠬᠦ
ᠬᠥᠳᠡᠯᠵᠦ ᠶᠠᠪᠤᠭ᠎ᠠ ᠬᠥᠰᠬᠡ
ᠵᠣᠭᠰᠣᠵᠤ ᠪᠠᠢᠵᠤ ᠠᠴᠢᠶ᠎ᠠ ᠪᠠᠨ ᠴᠢᠩᠭᠠᠯᠠᠳᠠᠭ ᠶᠤᠮ
ᠬᠥᠮᠦᠨ ᠦ᠌ ᠤᠬᠠᠭᠠᠨ
ᠵᠠᠪᠠᠯ ᠰᠠᠢᠬᠠᠨ ᠢ᠋ ᠨᠢ ᠪᠠᠷᠠᠳᠠᠨᠠ ᠳᠠ ᠬᠦ᠃
ᠬᠣᠷᠮᠣᠢ ᠨᠢ
ᠬᠣᠷᠮᠣᠢ ᠨᠢ ᠰᠡᠮᠡᠷᠡᠭᠰᠡᠨ ᠠᠭᠤᠯᠠ ᠶ᠋ᠢᠨ ᠢ᠋ᠶ᠋ᠡᠨ
ᠣᠷᠭᠢᠯ ᠢ᠋ ᠦᠷᠦ ᠡᠪᠡᠳᠦᠭᠰᠡᠨ ᠬᠥᠮᠦᠨ
ᠬᠣᠮᠣᠬᠠᠢ ᠰᠠᠨᠠᠭ᠎ᠠ ᠪᠠᠨ ᠲᠠᠲᠠᠨ᠎ᠠ
ᠡᠬᠢ ᠨᠢ ᠪᠤᠯᠠᠩᠭᠢᠷᠲᠤᠭᠰᠠᠨ ᠭᠣᠣᠯ ᠤᠰᠤᠨ ᠤ᠋ ᠪᠠᠨ
ᠤᠷᠤᠰᠬᠠᠯ ᠢ᠋ ᠬᠠᠷᠠᠭᠰᠠᠨ ᠬᠥᠮᠦᠨ
ᠡᠨᠡ ᠶᠠᠪᠤᠭ᠎ᠠ ᠨᠠᠰᠤ ᠪᠠᠷ ᠢ᠋ᠶ᠋ᠠᠨ ᠮᠥᠷᠭᠥᠯᠴᠢᠨ ᠪᠣᠯᠤᠨ᠎ᠠ
ᠥᠩᠭᠡ ᠮᠥᠩᠭᠥ ᠬᠣᠶᠠᠷ
ᠥᠪᠡᠷ ᠢ᠋ ᠪᠡᠨ ᠡᠯᠡᠭᠡᠬᠦ ᠶ᠋ᠢᠨ ᠴᠠᠭ ᠲᠤ
ᠥᠭᠡᠷ᠎ᠡ ᠶᠠᠭᠤᠮ᠎ᠠ ᠬᠥᠮᠦᠰ ᠪᠣᠳᠣᠳᠠᠭ ᠪᠣᠯᠤᠨ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
