ᠬᠡᠢᠮᠣᠷᠢ ᠪᠣᠰᠤᠭ᠎ᠠ ᠠᠰᠢᠭᠲᠤ ᠰᠦᠯᠵᠢᠶ᠎ᠡ ᠠᠰᠢᠳᠠ ᠬᠥᠭᠵᠢᠯᠲᠡᠢ - ᠪᠣᠷᠵᠢᠭᠢᠨ ᠴᠢᠨᠳᠠᠮᠤᠨᠢХийморь босоо ашигт сүлжээ ашид хөгжилтэй-Боржгин Чандмань ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢᠮᠣᠷᠢ ᠪᠣᠰᠤᠭ᠎ᠠ ᠠᠰᠢᠭᠲᠤ ᠰᠦᠯᠵᠢᠶ᠎ᠡ ᠠᠰᠢᠳᠠ ᠬᠥᠭᠵᠢᠯᠲᠡᠢ - ᠪᠣᠷᠵᠢᠭᠢᠨ ᠴᠢᠨᠳᠠᠮᠤᠨᠢХийморь босоо ашигт сүлжээ ашид хөгжилтэй-Боржгин Чандмань

ᠬᠡᠢᠮᠣᠷᠢ ᠪᠣᠰᠤᠭ᠎ᠠ ᠠᠰᠢᠭᠲᠤ ᠰᠦᠯᠵᠢᠶ᠎ᠡ ᠠᠰᠢᠳᠠ ᠬᠥᠭᠵᠢᠯᠲᠡᠢ - ᠪᠣᠷᠵᠢᠭᠢᠨ ᠴᠢᠨᠳᠠᠮᠤᠨᠢХийморь босоо ашигт сүлжээ ашид хөгжилтэй-Боржгин Чандмань

2025-01-06

4586

ᠬᠡᠢᠮᠣᠷᠢ ᠪᠣᠰᠤᠭ᠎ᠠ ᠠᠰᠢᠭᠲᠤ ᠰᠦᠯᠵᠢᠶ᠎ᠡ ᠠᠰᠢᠳᠠ ᠬᠥᠭᠵᠢᠯᠲᠡᠢ

 hiimor.com ᠭᠤᠷᠪᠠᠨ ᠵᠢᠯ ᠦ᠋ᠨ ᠣᠢ ᠶ᠋ᠢᠨ ᠪᠠᠶᠠᠷ ᠲᠤ᠌ 

                ᠪᠣᠷᠵᠢᠭᠢᠨ ᠴᠢᠨᠳᠠᠮᠤᠨᠢ 

ᠠᠷᠠᠯᠲᠤ ᠬᠤᠭᠤᠷ ᠤ᠋ᠨ ᠡᠭᠡᠰᠢᠭ ᠨᠢ ᠳᠣᠯᠣᠭᠠᠨ ᠠᠶᠠᠯᠭᠤ ᠶ᠋ᠢ ᠴᠢᠪᠬᠠᠳᠠᠳᠠᠭ 
ᠠᠰ ᠤ᠋ᠨ ᠪᠡᠶ᠎ᠡ ᠶ᠋ᠢᠨ ᠠᠵᠢᠯ ᠴᠤ᠌ ᠳᠣᠯᠣᠭᠠᠨ ᠡᠭᠡᠰᠢᠭ ᠢ᠋ᠶ᠋ᠡᠨ ᠵᠢᠭᠠᠳᠠᠭ 
ᠠᠯᠤᠰ ᠬᠣᠯᠠ ᠶ᠋ᠢᠨ ᠨᠠᠢᠵᠠ ᠨᠠᠷ ᠴᠤ᠌ ᠳᠣᠬᠢᠭᠤᠷ ᠣᠳᠣ ᠪᠠᠨ ᠲᠠᠨᠢᠳᠠᠭ 
ᠠᠷᠠᠯᠲᠤ ᠪᠠᠨ ᠲᠠᠲᠠᠭᠰᠠᠨ ᠪᠢᠳᠡᠨᠡᠷ ᠴᠦ᠍ ᠲᠠᠯ᠎ᠠ ᠶ᠋ᠢᠨ ᠰᠣᠯᠣᠩᠭ᠎ᠠ ᠮᠡᠳᠡᠳᠡᠭ 

ᠬᠤᠭᠤᠷ ᠤ᠋ᠨ ᠬᠣᠶᠠᠷ ᠤᠲᠠᠰᠤ ᠴᠤ᠌ ᠳᠣᠯᠣᠭᠠᠨ ᠠᠶᠠᠯᠭᠤ ᠶ᠋ᠢ ᠭᠠᠷᠭᠠᠳᠠᠭ 
ᠬᠣᠪᠳᠣᠯ ᠵᠢᠷᠦᠬᠡᠨ ᠦ᠌ ᠴᠣᠬᠢᠯᠭ᠎ᠠ ᠴᠤ᠌ ᠳᠣᠯᠣᠭᠠᠨ ᠡᠭᠡᠰᠢᠭ ᠳᠠᠭᠠᠳᠠᠭ 
ᠬᠤᠭᠤᠷ ᠤ᠋ᠨ ᠳᠥᠷᠪᠡᠨ ᠤᠲᠠᠰᠤ ᠳᠣᠯᠣᠭᠠᠨ ᠠᠶᠠᠯᠭᠤ ᠡᠭᠡᠰᠢᠭᠯᠡᠳᠡᠭ 
ᠬᠣᠯᠪᠣᠭ᠎ᠠ ᠪᠠᠨ ᠬᠡᠯᠡᠳᠡᠭ ᠪᠢᠳᠡᠨᠡᠷ ᠬᠡᠢᠮᠣᠷᠢ ᠬᠣᠯᠪᠣᠭ᠎ᠠ ᠪᠠᠨ ᠡᠷᠭᠦᠶ᠎ᠡ 

ᠠᠯᠲᠠᠨ ᠨᠠᠷᠠᠨ ᠤ᠋ ᠲᠤᠶᠠᠭᠠᠨ ᠳ᠋ᠤ᠌ ᠠᠮᠢᠯᠠᠨ ᠪᠣᠰᠤᠭᠰᠠᠨ ᠭᠤᠷᠪᠠᠨ ᠵᠢᠯ
ᠡᠩᠬᠡ ᠮᠡᠨᠳᠦ ᠶ᠋ᠢᠨ ᠬᠠᠳᠠᠭ ᠲᠠᠢ ᠥᠪᠡᠷᠮᠢᠴᠡ ᠣᠨᠴᠠᠯᠢᠭᠲᠤ ᠰᠦᠯᠵᠢᠶ᠎ᠡ
ᠢᠵᠢᠯ ᠬᠣᠶᠠᠷ ᠪᠠᠢᠳᠠᠭ ᠦᠭᠡᠢ ᠠᠭᠤᠯᠭ᠎ᠠ ᠪᠠᠶᠠᠯᠢᠭ hiimor ᠰᠦᠯᠵᠢᠶ᠎ᠡ
ᠣᠷᠴᠢᠯᠠᠩ ᠳᠡᠯᠡᠬᠡᠢ ᠶ᠋ᠢᠨ ᠬᠠᠯᠠᠭᠤᠨ ᠰᠡᠳᠬᠢᠯᠲᠦ ᠶ᠋ᠢ ᠬᠤᠷᠠᠭᠤᠯᠳᠠᠭ ᠬᠣᠢᠮᠣᠷ
ᠤᠳᠤᠮᠲᠤ ᠦᠨᠳᠦᠰᠦᠲᠡᠨ ᠦ᠌ ᠲᠡᠦᠬᠡ ᠶ᠋ᠢ ᠤᠯᠪᠠᠭᠠᠯᠠᠬᠤ ᠥᠷᠭᠡᠨ ᠲᠠᠪᠴᠠᠩ
ᠥᠳᠬᠡᠨ ᠵᠤᠵᠠᠭᠠᠨ ᠨᠣᠮ ᠪᠢᠴᠢᠭ ᠢ᠋ ᠡᠷᠭᠦᠬᠦ ᠴᠢᠬᠤᠯᠠ ᠦᠭᠡᠢ ᠨᠣᠮ ᠤ᠋ᠨ ᠰᠠᠩ
ᠦᠳᠡᠰᠢᠯᠡᠭᠡ ᠺᠢᠨᠣ᠋ ᠬᠡᠦᠬᠡᠯᠳᠡᠢ ᠵᠦᠴᠦᠭᠡ ᠶ᠋ᠢ ᠰᠣᠨᠢᠷᠬᠠᠭᠤᠯᠵᠤ ᠪᠣᠯᠬᠤ ᠲᠢᠶᠠᠲ᠋ᠷ

ᠨᠠᠷᠠᠨ ᠰᠠᠷᠠᠨ ᠢ᠋ ᠮᠠᠨᠳᠤᠭᠤᠯᠵᠤ ᠰᠢᠩᠭᠡᠭᠡᠯᠭᠡᠭᠰᠡᠨ ᠠᠮᠢᠯᠠᠯ ᠲᠠᠢ ᠭᠤᠷᠪᠠᠨ ᠵᠢᠯ
ᠨᠡᠷ᠎ᠡ ᠮᠥᠷ ᠢ᠋ᠶ᠋ᠡᠨ ᠬᠥᠮᠦᠰ ᠲᠦ᠍ ᠲᠠᠨᠢᠭᠤᠯᠤᠭᠰᠠᠨ hiimor ᠰᠦᠯᠵᠢᠶ᠎ᠡ
ᠨᠢᠭᠡ ᠪᠠᠢᠭᠰᠠᠨ ᠡᠴᠡ ᠵᠠᠭᠤᠨ ᠲᠦᠮᠡ ᠬᠦᠷᠭᠡᠭᠰᠡᠨ ᠣᠶᠤᠨ ᠪᠢᠯᠢᠭ ᠦ᠋ᠨ ᠲᠠᠯᠠᠰᠲᠤ
ᠨᠣᠴᠣᠵᠤ ᠳᠦᠷᠡᠯᠵᠡᠭᠰᠡᠨ ᠭᠠᠯ ᠮᠡᠲᠦ ᠦᠷᠪᠢᠰᠦᠭᠰᠡᠨ ᠴᠠᠬᠢᠮ ᠶᠢᠷᠲᠢᠨᠴᠦ ᠶ᠋ᠢᠨ ᠭᠠᠢᠬᠠᠮᠰᠢᠭ
ᠨᠤᠭᠤᠷᠠᠯ ᠪᠦᠳᠦᠷᠢᠯ ᠴᠠᠭ ᠮᠥᠴᠡ ᠭᠡᠵᠦ ᠶᠡᠷᠦ ᠣᠷᠴᠢᠯᠠᠩ ᠳ᠋ᠤ᠌ ᠰᠢᠯᠲᠠᠭ᠎ᠠ ᠦᠭᠡᠢ
ᠨᠥᠭᠡᠴᠡ ᠬᠥᠳᠡᠯᠮᠦᠷᠢ ᠳᠠᠷᠬᠠᠨ ᠬᠠᠷᠢᠭᠤᠴᠠᠯᠭ᠎ᠠ ᠡᠷᠳᠡᠮᠲᠦ ᠬᠥᠮᠦᠨ ᠦ᠌ ᠮᠥᠷᠦᠨ ᠳᠡᠭᠡᠷ᠎ᠡ
ᠨᠦᠰᠡᠷ ᠠᠵᠢᠯ ᠂ ᠨᠦᠬᠡ ᠪᠥᠭᠯᠡᠬᠦ ᠮᠡᠲᠦ ᠬᠠᠰᠢ ᠶᠠᠰᠢ ᠬᠠᠨᠲᠤᠭ᠎ᠠ ᠴᠤ᠌ ᠦᠭᠡᠢ

ᠪᠠᠷᠰ ᠵᠢᠯ ᠡᠬᠢᠯᠡᠭᠦᠯᠦᠭᠰᠡᠨ ᠪᠠᠷᠤᠭ ᠤ᠋ᠨ ᠪᠡᠷᠬᠡ ᠲᠡᠢ ᠠᠵᠢᠯ ᠪᠢᠰᠢ ᠭᠤᠷᠪᠠᠨ ᠵᠢᠯ
ᠪᠡᠷᠬᠡ ᠭᠡᠵᠦ ᠪᠡᠷᠬᠡ ᠶ᠋ᠢᠨ ᠭᠠᠵᠠᠷ ᠴᠤ᠌ ᠪᠡᠷᠬᠡ ᠪᠡᠨ ᠡᠷᠢᠭᠡᠳ ᠠᠵᠢᠯᠯᠠᠳᠠᠭ ᠲᠡᠷᠡ
ᠪᠢᠴᠢᠭ ᠦᠰᠦᠭ ᠥᠪ ᠰᠣᠶᠣᠯ ᠢ᠋ᠶ᠋ᠠᠨ ᠳᠡᠯᠡᠬᠡᠢ ᠳ᠋ᠦ᠍ ᠲᠠᠨᠢᠭᠤᠯᠬᠤ ᠵᠣᠷᠢᠯᠭ᠎ᠠ ᠪᠠᠷ
ᠪᠣᠳᠣᠯ ᠰᠡᠳᠬᠢᠯ ᠰᠢᠭᠤᠳᠤᠨ ᠵᠢᠳᠬᠦᠭᠰᠡᠨ ᠮᠢᠩᠭᠠᠭᠠᠳ ᠬᠣᠨᠣᠭ ᠤ᠋ᠨ ᠴᠢᠷᠮᠠᠢᠯᠭ᠎ᠠ
ᠪᠤᠬᠢᠨᠢᠳᠤᠬᠤ ᠵᠣᠪᠠᠭᠤᠷᠢ ᠶ᠋ᠢ ᠬᠡᠯᠡᠪᠡᠯ ᠪᠤᠭᠤᠳᠠᠢ ᠲᠠᠷᠢᠭᠰᠠᠨ ᠡᠴᠡ ᠬᠡᠴᠡᠭᠦᠦ ᠪᠠᠢᠳᠠᠭ
ᠪᠥᠭᠡᠰᠦ ᠲᠡᠭᠦᠭᠰᠡᠨ ᠡᠷᠳᠡᠮᠲᠡᠨ ᠮᠡᠷᠭᠡᠳ ᠲᠡᠭᠡᠨ ᠴᠢᠩ ᠰᠡᠳᠬᠢᠯ ᠢ᠋ᠶ᠋ᠡᠷ ᠲᠠᠯᠠᠷᠬᠠᠳᠠᠭ
ᠪᠦᠭᠦᠳᠡ ᠪᠢᠳᠡᠨ ᠦ᠌ ᠥᠪ ᠰᠣᠶᠣᠯ ᠭᠡᠵᠦ ᠪᠣᠳᠣᠬᠤ ᠳ᠋ᠤ᠌ ᠰᠡᠳᠬᠢᠯ ᠳᠦᠭᠦᠷᠡᠩ ᠪᠠᠢᠳᠠᠭ

ᠫᠠᠢᠵᠠ ᠫᠠᠩᠰᠠ ᠫᠠᠢ ᠫᠠᠢᠯᠤᠤ ᠶ᠋ᠢᠨ ᠠᠯᠢ ᠶ᠋ᠢ ᠨᠢ ᠬᠦᠰᠡᠭᠡ ᠦᠭᠡᠢ ᠰᠦᠯᠵᠢᠶ᠎ᠡ
ᠫᠧᠩ ᠰᠠᠷᠠᠪᠴᠢ ᠡᠴᠡ ᠫᠧᠩᠰᠡ ᠪᠠᠷᠢᠵᠤ ᠪᠠᠳᠢᠷ ᠡᠷᠢᠭᠡ ᠦᠭᠡᠢ ᠡᠷᠳᠡᠮᠲᠡᠨ
ᠫᠢᠸᠣ᠋ ᠠᠷᠢᠬᠢ ᠰᠢᠭ᠋ ᠳᠡᠭᠳᠡᠬᠦ ᠬᠥᠭᠡᠰᠦ ᠶ᠋ᠢᠨ ᠬᠡᠢ ᠬᠣᠭᠣᠰᠣᠨ ᠢ᠋ ᠴᠦ᠍ ᠬᠦᠰᠡᠭᠡ ᠦᠭᠡᠢ
ᠫᠣᠷ ᠫᠣᠷ ᠮᠠᠨᠳᠤᠬᠤ ᠲᠣᠭᠣᠰᠣ ᠮᠠᠨᠠᠨ ᠠᠳᠠᠯᠢ ᠳᠡᠭᠳᠡᠬᠦ ᠲᠤᠩᠬᠤ ᠳ᠋ᠠᠭᠠᠨ ᠠᠩᠬᠠᠷᠴᠤ
ᠫᠤᠤ ᠪᠠᠷᠢᠭᠰᠠᠨ ᠴᠡᠷᠢᠭ ᠰᠢᠭ ᠵᠠᠪᠠᠯ ᠰᠣᠨᠢᠷᠬᠠᠬᠤ ᠶ᠋ᠢ ᠠᠯᠪᠠᠳᠠᠭ᠎ᠠ ᠴᠤ᠌ ᠦᠭᠡᠢ
ᠫᠥᠬᠥ ᠭᠡᠵᠦ ᠵᠢᠭᠰᠢᠬᠦ ᠦᠭᠡᠢ ᠦᠶ᠎ᠡ ᠳ᠋ᠡᠭᠡᠨ ᠮᠡᠳᠡᠬᠦ ᠵᠦᠢᠯ ᠢ᠋ᠶ᠋ᠡᠨ ᠠᠩᠬᠠᠷᠤᠭᠠᠷᠠᠢ
ᠫᠦᠷ ᠬᠢᠲᠡᠯ᠎ᠡ ᠨᠢᠰᠦᠭᠰᠡᠨ ᠪᠣᠯᠵᠣᠮᠣᠷ ᠰᠢᠭ᠋ ᠨᠢᠰᠴᠦ ᠶᠠᠪᠤᠭᠠᠳ ᠪᠢᠲᠡᠭᠡᠢ ᠠᠷᠢᠯᠤᠭᠠᠷᠠᠢ

ᠬᠠᠯᠠᠭᠤᠨ ᠰᠡᠳᠬᠢᠯᠲᠦ ᠬᠥᠮᠦᠰ ᠦ᠋ᠨ ᠬᠠᠯᠠᠭᠤᠨ ᠳᠤᠯᠠᠭᠠᠨ ᠥᠯᠥᠭᠡᠢ ᠪᠣᠯ ᠲᠡᠷᠡ
ᠬᠡᠰᠢᠭ ᠥᠷᠭᠡᠨ ᠠᠷᠠᠳ ᠤ᠋ᠨ ᠬᠡᠢᠮᠣᠷᠢ ᠮᠠᠨᠳᠤᠭᠤᠯᠬᠤ ᠲᠠᠪᠴᠠᠩ ᠪᠣᠯ ᠲᠡᠷᠡ
ᠬᠢᠨᠠᠭᠤᠷ ᠮᠡᠷᠭᠡᠨ ᠬᠥᠮᠦᠰ ᠦ᠋ᠨ ᠬᠢᠨᠠᠮᠠᠭᠠᠢ ᠠᠵᠢᠯᠯᠠᠳᠠᠭ ᠣᠷᠣᠨ ᠵᠠᠢ ᠪᠣᠯ ᠲᠡᠷᠡ
ᠬᠣᠢᠮᠣᠷ ᠭᠣᠣᠯᠯᠠᠭᠰᠠᠨ ᠨᠠᠰᠤᠲᠠᠳ ᠡᠪᠦᠭᠡᠳ ᠦ᠋ᠨ ᠵᠣᠭᠣᠭ ᠤ᠋ᠨ ᠲᠠᠪᠴᠠᠩ ᠪᠣᠯ ᠲᠡᠷᠡ
ᠬᠤᠷᠠᠭᠰᠠᠨ ᠣᠯᠠᠨ ᠡᠷᠳᠡᠮᠲᠡᠨ ᠦ᠌ ᠮᠡᠷᠭᠡᠳ ᠦ᠋ᠨ ᠴᠤᠭᠯᠠᠭᠠᠨ ᠪᠣᠯ ᠲᠡᠷᠡ
ᠬᠥᠳᠡᠯᠮᠦᠷᠢ ᠲᠡᠮᠡᠴᠡᠯ ᠦ᠋ᠨ ᠣᠷᠣᠮ ᠢ᠋ ᠲᠡᠮᠳᠡᠭᠯᠡᠵᠦ ᠲᠠᠯᠪᠢᠳᠠᠭ ᠭᠠᠵᠠᠷ ᠪᠣᠯ ᠲᠡᠷᠡ
ᠬᠦᠴᠦᠨ ᠴᠢᠳᠠᠯ ᠪᠦᠬᠦᠨ ᠢ᠋ᠶ᠋ᠡᠨ ᠦᠯᠡᠳᠡᠭᠡᠵᠦ ᠬᠠᠳᠠᠭᠠᠯᠠᠵᠤ ᠪᠣᠯᠳᠠᠭ ᠰᠦᠯᠵᠢᠶ᠎ᠡ ᠪᠣᠯ ᠲᠡᠷᠡ

ᠭᠠᠯ ᠢ᠋ᠶ᠋ᠠᠨ ᠮᠠᠨᠠᠭᠰᠠᠨ ᠲᠡᠦᠬᠡ ᠶ᠋ᠢᠨ ᠨᠢᠭᠤᠴᠠ ᠶ᠋ᠢ ᠬᠠᠳᠠᠭᠠᠯᠠᠬᠤ ᠵᠤᠤᠬ᠎ᠠ
ᠭᠡᠷᠡᠯ ᠰᠠᠴᠤᠷᠠᠩᠭᠤᠢ ᠢᠷᠡᠭᠡᠳᠦᠢ ᠶ᠋ᠢᠨ ᠵᠦᠭ ᠢ᠋ ᠵᠠᠮᠴᠢᠯᠠᠬᠤ ᠴᠠᠮᠬᠠᠭ
ᠭᠢᠯᠠᠯᠵᠠᠬᠤ ᠰᠣᠶᠣᠯ ᠤ᠋ᠨ ᠰᠣᠯᠢᠯᠴᠠᠭ᠎ᠠ ᠶ᠋ᠢ ᠤᠬᠠᠭᠤᠯᠵᠤ ᠲᠠᠨᠢᠭᠤᠯᠳᠠᠭ ᠲᠥᠪ
ᠭᠣᠴᠣ ᠤᠷᠠᠯᠢᠭ ᠰᠣᠶᠣᠯ ᠢ᠋ ᠥᠪᠯᠡᠭᠦᠯᠵᠦ ᠤᠯᠠᠮᠵᠢᠯᠠᠭᠤᠯᠬᠤ ᠥᠷᠲᠡᠭᠡ
ᠭᠤᠸ᠎ᠠ ᠦᠵᠡᠰᠬᠦᠯᠡᠩ ᠪᠦᠰᠡᠭᠦᠢᠴᠦᠳ ᠬᠡᠦᠬᠡᠳ ᠦ᠋ᠨ ᠪᠠᠬᠠᠳᠤᠯᠲᠤ ᠰᠦᠯᠵᠢᠶ᠎ᠡ
ᠭᠥᠬᠢ ᠲᠠᠯᠪᠢᠭᠰᠠᠨ ᠵᠢᠭᠠᠰᠤᠴᠢᠨ ᠤ᠋ ᠥᠭᠶᠥᠭᠡ ᠬᠦᠯᠢᠶᠡᠬᠦ ᠲᠠᠪᠴᠠᠩ ᠪᠢᠰᠢ
ᠬᠦᠰᠡᠯ ᠳᠡᠯᠭᠡᠵᠦ ᠵᠥᠩᠨᠡᠯ ᠬᠦᠰᠡᠬᠦ ᠰᠣᠶᠣᠯ ᠤ᠋ᠨ ᠥᠭᠡᠳᠡᠰᠦ ᠲᠡᠢ ᠰᠦᠯᠵᠢᠶ᠎ᠡ

ᠮᠠᠨ ᠤ᠋ ᠲᠠᠨ ᠤ᠋ ᠶᠡᠷᠦ ᠨᠢ ᠪᠢᠳᠡ ᠪᠦᠭᠦᠳᠡ ᠬᠠᠮᠲᠤ ᠪᠠᠷ ᠢ᠋ᠶ᠋ᠠᠨ ᠨᠢᠭᠡ ᠤᠭᠰᠠᠭ᠎ᠠ
ᠮᠡᠨᠳᠦ ᠠᠮᠤᠷ ᠢ᠋ᠶ᠋ᠠᠨ ᠮᠡᠨᠳᠦᠯᠡᠯᠴᠡᠵᠦ ᠲᠠᠨᠢᠯᠴᠠᠳᠠᠭ ᠬᠠᠯᠠᠭᠤᠨ ᠶᠠᠰᠤᠲᠠᠨ ᠨᠤᠭᠤᠳ
ᠮᠢᠩᠭᠠᠨᠲᠤ ᠡᠷᠳᠡᠮᠲᠡᠨ ᠦ᠌ ᠨᠡᠷᠡᠯᠡᠭᠰᠡᠨ ᠣᠳᠣ ᠶ᠋ᠢᠨ ᠨᠡᠷ᠎ᠡ ᠪᠡᠷ ᠣᠮᠣᠭᠰᠢᠳᠠᠭ ᠬᠥᠮᠦᠰ
ᠮᠣᠬᠣᠰᠢ ᠦᠭᠡᠢ ᠵᠣᠷᠢᠭ ᠨᠢ ᠬᠡᠳᠦᠨ ᠲᠢᠪ ᠢ᠋ ᠰᠤᠨᠳᠠᠯᠠᠭᠰᠠᠨ ᠢ᠋ᠶ᠋ᠠᠨ ᠶᠡᠷᠦ ᠮᠠᠷᠲᠠᠭ᠎ᠠ ᠦᠭᠡᠢ
ᠮᠤᠬᠤᠯᠠᠢ ᠪᠠᠭᠠᠲᠤᠷ ᠤ᠋ᠨ ᠰᠡᠴᠡᠨ ᠤᠬᠠᠭᠠᠨ ᠢ᠋ᠶ᠋ᠠᠷ ᠬᠠᠭᠠᠨ ᠡᠵᠡᠨ ᠢ᠋ᠶ᠋ᠡᠨ ᠲᠡᠳᠬᠦᠭᠰᠡᠨ ᠢ᠋
ᠮᠥᠷᠥᠭᠡᠳᠦᠯ ᠦ᠋ᠨ ᠴᠠᠭᠠᠨ᠎ᠠ ᠡᠮᠦᠨ᠎ᠡ ᠣᠷᠣᠨ ᠤ᠋ ᠲᠡᠷᠡ ᠨᠤᠲᠤᠭ ᠤ᠋ᠨ ᠢᠦᠢ ᠶ᠋ᠢ ᠴᠦ᠍ ᠮᠠᠲᠠᠨᠠᠮ
ᠮᠦᠰᠢᠶᠡᠯ ᠦ᠋ᠨ ᠴᠠᠭᠠᠨ᠎ᠠ ᠬᠢᠲᠤᠭ᠎ᠠ ᠪᠠᠢᠭ᠎ᠠ ᠶ᠋ᠢ ᠡᠪᠦᠭᠡᠳ ᠦ᠋ᠨ ᠰᠤᠷᠭᠠᠯ ᠡᠴᠡ ᠰᠡᠩᠬᠡᠷᠡᠨᠡᠮ

ᠯᠠᠪᠯᠠᠵᠤ ᠠᠰᠠᠭᠤᠬᠤ ᠵᠦᠢᠯ ᠢ᠋ ᠬᠠᠷᠢᠨ ᠡᠨᠳᠡ ᠡᠴᠡ ᠬᠠᠢᠵᠤ ᠣᠯᠳᠠᠳᠠᠭ ᠶᠤᠮ
ᠯᠡᠭᠰᠡᠢᠵᠦ ᠪᠠᠭᠤᠬᠤ ᠴᠠᠰᠤᠨ ᠤ᠋ ᠯᠠᠪᠰᠠ ᠮᠡᠲᠦ ᠰᠤᠷᠠᠭ ᠤ᠋ᠨ ᠳᠠᠯᠠᠢ ᠡᠨᠡ ᠣᠷᠴᠢᠨ
ᠯᠢᠮᠪᠦ ᠶ᠋ᠢᠨ ᠡᠭᠡᠰᠢᠭ ᠲᠡᠢ ᠯᠢᠩᠬᠤ᠎ᠠ ᠴᠡᠴᠡᠭ ᠢ᠋ ᠰᠣᠨᠢᠷᠬᠠᠵᠤ ᠪᠣᠯᠳᠠᠭ ᠰᠠᠢᠬᠠᠨ ᠭᠠᠵᠠᠷ
ᠯᠣᠭᠢᠭ ᠰᠡᠳᠬᠢᠬᠦᠢ ᠶᠠᠷᠢᠶ᠎ᠠ ᠬᠥᠭᠡᠷᠦᠭᠡ ᠰᠠᠨᠠᠭ᠎ᠠ ᠰᠡᠷᠭᠦᠭᠡᠬᠦ ᠠᠮᠢᠯᠠᠯ ᠤ᠋ᠨ ᠰᠤᠳᠤᠷ ᠲᠠᠢ
ᠯᠤᠭᠰᠢᠭᠤᠨ ᠰᠤᠳᠠᠯ ᠤ᠋ᠨ ᠡᠷᠡᠭᠦᠯ ᠡᠩᠬᠡ ᠶ᠋ᠢᠨ ᠲᠤᠰᠠᠯᠠᠮᠵᠢ ᠪᠣᠯᠤᠭᠰᠠᠨ ᠲᠠᠢᠯᠪᠤᠷᠢ ᠲᠠᠢ
ᠯᠥᠲᠥᠨ᠎ᠡ ᠬᠠᠷᠢᠨ ᠪᠦᠲᠦᠨ᠎ᠡ ᠶ᠋ᠢᠨ ᠠᠩᠭᠠᠬᠠᠢ ᠶ᠋ᠢ ᠴᠦ᠍ ᠣᠢᠯᠠᠭᠠᠵᠤ ᠮᠡᠳᠡᠬᠦ ᠲᠠᠪᠴᠠᠩ
ᠯᠦᠭᠬᠢᠮ᠎ᠡ ᠬᠠᠯᠠᠭᠤᠨ ᠳ᠋ᠤ᠌ ᠴᠤ᠌ ᠬᠠᠰᠢᠯᠠ ᠡᠨᠳᠡ ᠡᠴᠡ ᠰᠤᠷᠠᠭ ᠵᠠᠩᠭᠢ ᠡᠷᠢᠬᠦ ᠰᠠᠢᠬᠠᠨ

ᠰᠠᠷ᠎ᠠ ᠰᠢᠨ᠎ᠡ ᠶ᠋ᠢᠨ ᠰᠠᠢᠬᠠᠨ ᠮᠡᠨᠳᠦ ᠶ᠋ᠢ ᠠᠰᠠᠭᠤᠵᠤ ᠪᠠᠢᠳᠠᠭ ᠪᠣᠯᠪᠠᠰᠤᠨ ᠬᠣᠯᠪᠣᠭ᠎ᠠ
ᠰᠡᠩᠬᠡᠷᠡᠭᠦᠯᠦᠯ ᠰᠠᠨᠠᠭᠤᠯᠭ᠎ᠠ ᠶ᠋ᠢᠨ ᠬᠠᠤᠯᠢ ᠶ᠋ᠢᠨ ᠵᠠᠬᠢᠶ᠎ᠠ ᠶ᠋ᠢ ᠳᠠᠮᠵᠢᠭᠤᠯᠵᠤ ᠪᠠᠢᠳᠠᠭ ᠴᠠᠭᠳᠠᠭ᠎ᠠ
ᠰᠢᠢᠳᠪᠦᠷᠢ ᠪᠣᠳᠣᠯᠭ᠎ᠠ ᠲᠥᠷᠥ ᠶ᠋ᠢᠨ ᠳᠠᠭᠤᠨ ᠢ᠋ ᠴᠠᠭ ᠲᠤᠬᠠᠢ ᠮᠡᠳᠡᠭᠡᠯᠡᠳᠡᠭ ᠨᠢᠳᠦ
ᠰᠣᠨᠣᠷ ᠰᠠᠢᠨ ᠬᠥᠮᠦᠰ ᠦ᠋ᠨ ᠰᠣᠩᠭᠣᠯᠲᠠ ᠶ᠋ᠢ ᠪᠠᠲᠤᠯᠠᠳᠠᠭ ᠳᠠᠢᠴᠢᠨ ᠬᠠᠨᠢ ᠪᠣᠯ ᠲᠡᠷᠡ
ᠰᠤᠨᠢᠶᠠᠯᠭ᠎ᠠ ᠬᠦᠷᠬᠦ ᠦᠶ᠎ᠡ ᠳ᠋ᠦ᠍ ᠶᠠᠳᠠᠷᠠᠭ᠎ᠠ ᠲᠠᠢᠯᠳᠠᠭ ᠡᠩᠬᠡ ᠶ᠋ᠢᠨ ᠪᠠᠲᠤᠯᠠᠭ᠎ᠠ ᠪᠣᠯ ᠲᠡᠷᠡ
ᠰᠥᠨᠢ ᠤᠨᠲᠠᠬᠤ ᠡᠴᠡ ᠡᠮᠦᠨ᠎ᠡ ᠵᠠᠪᠠᠯ ᠵᠤᠭᠠᠴᠠᠬᠤ ᠭᠠᠷ ᠤᠲᠠᠰᠤᠨ ᠤ᠋ ᠵᠠᠬ᠎ᠠ ᠪᠣᠯ ᠲᠡᠷᠡ
ᠰᠦᠷᠡᠬᠡᠢ ᠶᠠᠳᠠᠷᠠᠯ ᠲᠠᠢ ᠴᠤ᠌ ᠵᠠᠪᠠᠯ ᠣᠴᠢᠭᠠᠳ ᠰᠣᠨᠢᠷᠬᠠᠬᠤ ᠰᠣᠷᠢᠨᠵᠢᠨ ᠬᠦᠷᠦ ᠪᠣᠯ ᠲᠡᠷᠡ

ᠱᠠᠩᠬᠤ ᠲᠠᠢ ᠰᠢᠷᠭ᠎ᠠ ᠪᠠᠨ ᠱᠠᠩᠰᠢ ᠮᠣᠳᠣᠨ ᠤ᠋ ᠬᠠᠵᠠᠭᠤ ᠪᠠᠷ ᠭᠠᠯᠭᠢᠭᠤᠯᠳᠠᠭ ᠲᠡᠦᠬᠡ ᠲᠡᠢ
ᠱᠡᠵᠢᠭᠡᠢ ᠠᠷᠤᠭ ᠢ᠋ᠶ᠋ᠠᠷ ᠢ᠋ᠶ᠋ᠠᠨ ᠬᠥᠯᠳᠡᠭᠦᠰᠦ ᠲᠡᠭᠦᠳᠡᠭ ᠬᠥᠳᠡᠭᠡ ᠶ᠋ᠢᠨ ᠠᠮᠢᠳᠤᠷᠠᠯ ᠲᠠᠢ
ᠱ᠌ᠢᠷᠦ ᠣᠭ᠌ᠶᠤ ᠪᠠᠷ ᠴᠢᠮᠡᠭᠯᠡᠵᠦ ᠵᠠᠰᠠᠭᠰᠠᠨ ᠬᠡᠦᠬᠡᠨ ᠥᠬᠢᠨ ᠦ᠌ ᠵᠠᠰᠠᠯ ᠵᠢᠮᠰᠡᠭ ᠲᠡᠢ
ᠱᠣᠭ ᠶᠦᠮᠦᠷ ᠲᠦ᠍ ᠨᠢ ᠨᠢᠭᠡᠮᠦᠰᠦᠨ ᠰᠣᠭᠲᠣᠭᠤᠷᠠᠬᠤ ᠦᠯᠢᠭᠡᠷ ᠬᠠᠭᠤᠴᠢ ᠲᠠᠢ
ᠱᠤᠤᠭᠢᠬᠤ ᠰᠠᠯᠬᠢᠨ ᠤ᠋ ᠴᠢᠮᠡᠭᠡ ᠠᠨᠢᠷ ᠢ᠋ᠶ᠋ᠠᠷ ᠥᠳᠥᠭᠡᠨ ᠲᠠᠲᠠᠬᠤ ᠬᠡᠦᠬᠡᠯᠳᠡᠢ ᠵᠦᠴᠦᠭᠡ ᠲᠡᠢ
ᠱᠥᠯᠥ ᠤᠰᠤᠨ ᠳ᠋ᠤ᠌ ᠨᠢ ᠰᠠᠶᠢ ᠰᠢᠮ᠎ᠡ ᠨᠢ ᠦᠯᠡᠳᠡᠳᠡᠭ ᠡᠪᠦᠭᠡᠳ ᠦ᠋ᠨ ᠰᠤᠷᠭᠠᠯ ᠲᠠᠢ
ᠱᠦᠷᠬᠡᠢ ᠪᠣᠳᠣᠯ ᠳ᠋ᠤ᠌ ᠭᠡᠨᠡᠨ ᠪᠠᠢᠳᠠᠭ ᠢ ᠤᠷᠢᠳᠴᠢᠯᠠᠨ ᠮᠡᠳᠡᠭᠦᠯᠬᠦ ᠡᠷᠳᠡᠮᠲᠡᠨ ᠦ᠌ ᠶᠠᠷᠢᠶ᠎ᠠ ᠲᠠᠢ

ᠲᠠᠢᠪᠤᠭᠤᠨ᠂ ᠠᠮᠢᠳᠤᠷᠠᠯ ᠳ᠋ᠠᠭᠠᠨ ᠲᠠᠢᠪᠤᠰᠢᠷᠠᠵᠤ ᠰᠤᠷᠤᠭᠰᠠᠨ ᠠᠯᠵᠠᠭᠤ ᠬᠥᠮᠦᠨ ᠦ᠌ ᠰᠡᠷᠡᠮᠵᠢ ᠲᠡᠢ
ᠲᠡᠨᠡᠭ ᠬᠥᠮᠦᠨ ᠦ᠌ ᠵᠥᠷᠢᠭᠦᠦ ᠬᠢᠳᠡᠯ ᠡᠴᠡ ᠰᠤᠷᠭᠠᠮᠵᠢ ᠠᠪᠬᠤ ᠤᠬᠠᠭᠤᠯᠭ᠎ᠠ ᠶ᠋ᠢᠨ ᠫᠷᠤᠭ᠌ᠷᠠᠮ ᠲᠠᠢ
ᠲᠢᠲᠢᠮ ᠮᠠᠯᠠᠭᠠᠢ ᠪᠠᠨ ᠲᠢᠭ ᠵᠢᠷᠤᠮ ᠲᠠᠢ ᠵᠡᠭᠦᠳᠡᠭ ᠦ᠋ᠨ ᠲᠤᠬᠠᠢ ᠶᠣᠰᠣ ᠵᠤᠲᠠᠭ ᠤ᠋ᠨ ᠤᠴᠢᠷ ᠲᠠᠢ
ᠲᠣᠢᠭ ᠤ᠋ᠨ ᠳᠠᠭᠤᠤ ᠮᠡᠲᠦ ᠭᠠᠭᠴᠠᠬᠠᠨ ᠦᠭᠡ ᠲᠡᠢ ᠤᠴᠢᠷ ᠲᠠᠢ ᠵᠦᠢᠯᠡᠰ ᠡᠨᠳᠡ ᠪᠠᠢᠳᠠᠭ
ᠲᠤᠤᠯᠢ (ᠵᠠᠩᠭᠠᠷ) ᠪᠦᠬᠦᠯᠢ ᠪᠡᠷ ᠢ᠋ᠶ᠋ᠡᠨ ᠬᠡᠦᠬᠡᠯᠳᠡᠢ ᠵᠦᠴᠦᠭᠡ ᠪᠡᠷ ᠪᠦᠷᠢᠳᠬᠡᠭᠳᠡᠭᠰᠡᠨ ᠪᠠᠢᠳᠠᠭ
ᠲᠥᠪᠯᠡᠭᠦᠨ ᠪᠠᠢᠬᠤ ᠪᠣᠯ ᠴᠢᠬᠤᠯᠠ ᠭᠡᠵᠦ ᠵᠥᠪ ᠡᠰᠢᠲᠦ ᠰᠤᠷᠭᠠᠯ ᠤ᠋ᠳ ᠲᠥᠪᠯᠡᠷᠡᠭᠰᠡᠨ ᠪᠠᠢᠳᠠᠭ
ᠲᠦᠪᠰᠢᠨ ᠴᠠᠭ ᠲᠤ᠌ ᠲᠦᠮᠡᠨ ᠠᠮᠤᠭᠤᠯᠠᠩ ᠭᠡᠵᠦ ᠲᠤᠰ ᠭᠠᠵᠠᠷ ᠲᠤ᠌ ᠤᠴᠢᠷᠯᠠᠭᠰᠠᠨ ᠪᠠᠢᠳᠠᠭ

ᠲᠡᠢᠨ ᠳᠠᠵᠢᠨ ᠤ᠋ ᠬᠣᠣᠷ ᠬᠥᠨᠥᠭᠡᠯ ᠡᠴᠡ ᠬᠥᠮᠦᠨ ᠵᠤᠨ ᠴᠤ᠌ ᠵᠣᠪᠠᠵᠤ ᠰᠢᠨᠠᠯᠳᠠᠭ ᠢ᠋ ᠮᠡᠳᠡᠨ᠎ᠡ
ᠲᠠᠢᠯᠤᠨ ᠳᠡᠢᠯᠦᠭᠳᠡᠬᠦ ᠴᠡᠷᠢᠭ ᠦ᠋ᠨ ᠡᠩ ᠦ᠋ᠨ ᠵᠢᠮ᠎ᠡ ᠶᠣᠰᠣ ᠶ᠋ᠢ ᠡᠨᠳᠡ ᠡᠴᠡ ᠣᠢᠯᠠᠭᠠᠳᠠᠭ
ᠳᠢᠭᠯᠢᠮ ᠵᠠᠮᠪᠠᠷᠠᠭ᠎ᠠ ᠪᠣᠯ ᠶᠣᠰᠣ ᠰᠤᠷᠲᠠᠬᠤᠨ ᠬᠠᠤᠯᠢ ᠴᠠᠭᠠᠵᠠ ᠶ᠋ᠢᠨ ᠴᠦ᠍ ᠰᠠᠭᠤᠷᠢ ᠭᠡᠳᠡᠭ ᠰᠢᠦ
ᠲᠣᠮ ᠵᠠᠰᠠᠯ ᠪᠣᠯ ᠮᠠᠨ ᠤ᠋ ᠦᠨᠳᠦᠰᠦᠲᠡᠨ ᠦ᠌ ᠵᠠᠰᠠᠯᠭ᠎ᠠ ᠵᠠᠰᠠᠯ ᠤ᠋ᠨ ᠨᠢᠭᠡ ᠲᠠᠯᠠᠰᠲᠤ ᠭᠡᠳᠡᠭ
ᠳᠣᠭᠣᠯᠭᠠᠬᠤ ᠴᠢᠮᠡᠭᠡ ᠪᠡᠨ ᠰᠦᠯᠵᠢᠶ᠎ᠡ ᠠᠰᠢᠭᠯᠠᠵᠤ ᠬᠣᠷᠸ᠎ᠠ ᠶ᠋ᠢ ᠬᠣᠯᠪᠣᠵᠤ ᠪᠣᠯᠳᠠᠭ ᠢ᠋
ᠳᠥᠷᠪᠡ ᠶᠢᠰᠦ ᠳ᠋ᠦ᠍ ᠳᠥᠨᠡᠨ ᠦᠬᠡᠷ ᠦ᠋ᠨ ᠡᠪᠡᠷ ᠬᠥᠯᠳᠡᠬᠦ ᠡᠷᠲᠡᠨ ᠦ᠌ ᠶᠣᠰᠣ ᠶ᠋ᠢ ᠤᠬᠠᠭᠠᠷᠠᠳᠠᠭ
ᠳᠦᠭᠦᠷᠡᠩ ᠪᠠᠶᠠᠷ ᠲᠦᠪᠰᠢᠨ ᠵᠢᠷᠭᠠᠯ ᠭᠡᠵᠦ ᠵᠥᠩᠨᠡᠯ ᠡᠷᠭᠦᠵᠦ ᠵᠣᠯᠭᠠᠯᠴᠠᠳᠠᠭ ᠰᠠᠢᠬᠠᠨ ᠰᠤᠷᠲᠠᠯ

ᠴᠠᠭ ᠣᠷᠣᠨ ᠢ᠋ ᠲᠣᠪᠴᠢᠯᠠᠵᠤ ᠴᠢᠳᠠᠳᠠᠭ ᠮᠠᠲ᠋ᠧᠷᠢᠶᠠᠯ ᠤ᠋ᠨ ᠬᠤᠷᠢᠶᠠᠩᠭᠤᠢ ᠬᠡᠢᠮᠣᠷᠢ ᠰᠦᠯᠵᠢᠶ᠎ᠡ
ᠴᠡᠴᠡᠭ ᠡᠪᠡᠰᠦ ᠡᠴᠡ ᠴᠡᠷᠢᠭ ᠠᠷᠠᠳ ᠬᠦᠷᠲᠡᠯ᠎ᠡ ᠪᠦᠷᠢᠨ ᠠᠭᠤᠯᠭ᠎ᠠ ᠲᠠᠢ ᠬᠡᠢᠮᠣᠷᠢ ᠰᠦᠯᠵᠢᠶ᠎ᠡ
ᠴᠢᠩ ᠵᠣᠷᠢᠭ ᠤ᠋ᠨ ᠨᠢᠳᠬᠡᠯ ᠪᠣᠯᠤᠭᠰᠠᠨ ᠥᠩᠭᠡᠷᠡᠭᠰᠡᠨ ᠦ᠌ ᠲᠣᠯᠢ ᠪᠣᠯᠬᠤ ᠬᠡᠢᠮᠣᠷᠢ ᠰᠦᠯᠵᠢᠶ᠎ᠡ
ᠴᠣ ᠰᠢᠨ᠎ᠡ ᠪᠡᠷ ᠪᠤᠰᠤᠳ ᠡᠴᠡ ᠢᠯᠭᠠᠭᠳᠠᠬᠤ ᠴᠣᠷ ᠤ᠋ᠨ ᠭᠠᠭᠴᠠ ᠪᠣᠰᠤᠭ᠎ᠠ ᠬᠡᠢᠮᠣᠷᠢ ᠰᠦᠯᠵᠢᠶ᠎ᠡ
ᠴᠤᠭᠯᠠᠷᠠᠬᠤ ᠬᠥᠮᠦᠰ ᠦ᠋ᠨ ᠪᠠᠬᠠᠷᠬᠠᠯ ᠪᠣᠯᠤᠭᠰᠠᠨ ᠳᠡᠯᠡᠬᠡᠢ ᠶ᠋ᠢ ᠪᠠᠭᠠᠰᠬᠠᠭᠰᠠᠨ ᠬᠡᠢᠮᠣᠷᠢ ᠰᠦᠯᠵᠢᠶ᠎ᠡ
ᠴᠥᠮ᠎ᠡ ᠰᠢᠮ᠎ᠡ ᠶ᠋ᠢᠨ ᠣᠬᠢ ᠲᠠᠯᠠᠰ ᠪᠣᠯᠤᠭᠰᠠᠨ ᠮᠡᠳᠡᠯᠭᠡ ᠣᠶᠤᠨ ᠤ᠋ ᠪᠠᠬᠠᠷᠬᠠᠯ ᠬᠡᠢᠮᠣᠷᠢ ᠰᠦᠯᠵᠢᠶ᠎ᠡ
ᠴᠦᠴᠡ ᠂ ᠠᠯᠤᠬ᠎ᠠ ᠂ ᠮᠡᠰᠡ ᠂ ᠬᠢᠲᠤᠭ᠎ᠠ ᠂ ᠮᠡᠳᠡᠯᠭᠡ ᠶ᠋ᠢᠨ ᠬᠥᠮᠥᠷᠭᠡ ᠪᠣᠯᠤᠭᠰᠠᠨ ᠬᠡᠢᠮᠣᠷᠢ ᠰᠦᠯᠵᠢᠶ᠎ᠡ

ᠵᠠᠰᠠᠵᠤ ᠠᠮᠢᠯᠠᠭᠤᠯᠤᠭᠰᠠᠨ ᠰᠢᠯᠢᠳᠡᠭ ᠵᠣᠬᠢᠶᠠᠯ ᠢ᠋ ᠨᠡᠢᠲᠡᠯᠡᠵᠦ ᠥᠭᠳᠡᠭ ᠭᠠᠷ ᠤᠲᠠᠰᠤᠨ ᠬᠣᠢᠮᠣᠷ
ᠵᠡᠷᠭᠡ ᠡᠷᠬᠡ ᠶ᠋ᠢᠨ ᠬᠤᠪᠢᠷᠠᠯᠲᠠ ᠬᠥᠭᠵᠢᠯᠲᠡ ᠶ᠋ᠢ ᠠᠯᠭᠠᠰᠠᠯ ᠦᠭᠡᠢ ᠲᠡᠮᠳᠡᠭᠯᠡᠳᠡᠭ ᠵᠥᠪ ᠵᠦᠭᠯᠡᠭᠦᠷ
ᠵᠢᠮᠰᠡᠭ ᠪᠣᠳᠣᠭ ᠵᠠᠰᠠᠯ ᠤ᠋ᠨ ᠦᠨ᠎ᠡ ᠬᠠᠩᠰᠢ ᠶ᠋ᠢᠨ ᠬᠤᠪᠢᠷᠠᠯᠲᠠ ᠳ᠋ᠤ᠌ ᠠᠩᠬᠠᠷᠤᠯ ᠬᠦᠷᠳᠡᠭ ᠭᠠᠵᠠᠷ
ᠵᠣ ᠰᠢᠯᠢ ᠶ᠋ᠢᠨ ᠦᠯᠢᠭᠡᠷ ᠳᠣᠮᠣᠭ ᠢ᠋ ᠬᠦᠦᠷᠨᠢᠵᠦ ᠶᠠᠷᠢᠳᠠᠭ ᠦᠯᠢᠭᠡᠷ ᠬᠠᠭᠤᠴᠢ ᠶ᠋ᠢᠨ ᠪᠠᠬᠠᠷᠬᠠᠯ ᠣᠷᠣᠨ
ᠵᠤᠷᠰᠢᠯ ᠵᠠᠩᠰᠢᠯ ᠪᠠᠶᠠᠷ ᠨᠠᠭᠠᠳᠤᠮ ᠢ᠋ ᠴᠢᠳᠠᠬᠤ ᠴᠢᠨᠡᠭᠡ ᠪᠡᠷ ᠳᠤᠷᠠᠰᠤᠨ ᠲᠡᠮᠳᠡᠭᠯᠡᠬᠦ ᠰᠦᠯᠵᠢᠶ᠎ᠡ
ᠵᠥᠭᠡᠬᠡᠢ ᠂ ᠬᠤᠷᠤᠳ ᠂ ᠪᠢᠰᠢᠯᠠᠭ ᠂ ᠠᠭᠠᠷᠤᠤᠯ ᠂ ᠴᠥᠴᠥᠭᠡᠢ ᠂ ᠥᠷᠥᠮ᠎ᠡ ᠂ ᠬᠤᠰᠤᠮ ᠪᠦᠭᠦᠳᠡ ᠶ᠋ᠢ
ᠵᠦᠴᠦᠭᠡ ᠂ ᠦᠯᠢᠭᠡᠷ ᠂ ᠪᠢᠴᠢᠯᠭᠡ ᠪᠡᠷ ᠲᠠᠨᠢᠭᠤᠯᠵᠤ ᠮᠡᠳᠡᠭᠦᠯᠳᠡᠭ ᠬᠠᠴᠢᠨ ᠴᠠᠬᠢᠮ ᠤ᠋ᠨ ᠣᠷᠴᠢᠯᠠᠩ

ᠶᠠᠪᠠᠭᠠᠨ ᠪᠠᠢᠭᠰᠠᠨ ᠴᠠᠭ ᠦᠶ᠎ᠡ ᠶ᠋ᠢ ᠣᠢᠷᠠᠲᠤᠭᠤᠯᠵᠤ ᠪᠠᠭᠠᠰᠬᠠᠭᠰᠠᠨ ᠴᠠᠬᠢᠮ ᠭᠡᠷ ᠪᠣᠯ ᠡᠨᠳᠡ
ᠶᠡᠬᠡ ᠪᠠᠭ᠎ᠠ ᠴᠤ᠌ ᠠᠩᠬᠠᠷᠤᠯ ᠢ᠋ᠶ᠋ᠠᠨ ᠬᠠᠨᠳᠤᠭᠤᠯᠬᠤ ᠪᠠᠬᠠᠷᠬᠠᠯ ᠲᠠᠲᠠᠭᠰᠠᠨ ᠰᠦᠯᠵᠢᠶᠡᠨ ᠬᠣᠢᠮᠣᠷ
ᠶᠢᠷᠲᠢᠨᠴᠦ ᠳᠡᠯᠡᠬᠡᠢ ᠶ᠋ᠢ ᠠᠯᠠᠭᠠᠨ ᠳᠡᠭᠡᠷ᠎ᠡ ᠠᠭᠰᠢᠭᠠᠭᠰᠠᠨ ᠡᠷᠳᠡᠮ ᠦ᠋ᠨ ᠬᠤᠷᠢᠶᠠᠩᠭᠤᠢ ᠪᠣᠯ ᠡᠨᠳᠡ
ᠶᠣᠣᠯᠠᠬᠤ ᠢᠨᠢᠶᠡᠬᠦ ᠶ᠋ᠢᠨ ᠬᠣᠷᠣᠮ ᠳ᠋ᠤ᠌ ᠳᠡᠯᠡᠬᠡᠢ ᠶ᠋ᠢᠨ ᠰᠣᠨᠢᠨ ᠢ᠋ ᠬᠠᠭᠤᠴᠢᠯᠠᠬᠤ ᠤᠲᠠᠰᠤᠨAPP
ᠶᠤᠤᠮᠠᠢ ᠂ ᠰᠠᠭᠠᠭ ᠂ ᠪᠤᠭᠤᠳᠠᠢ ᠂ ᠲᠤᠲᠤᠷᠭ᠎ᠠ ᠂ ᠰᠢᠯᠦᠬᠡᠢ ᠲᠠᠪᠤᠨ ᠲᠠᠷᠢᠶᠠᠨ ᠤ᠋ ᠰᠢᠮ᠎ᠡ ᠵᠡᠷᠭᠡ ᠶ᠋ᠢ
ᠶᠥᠷᠭᠡᠬᠦ ᠂ ᠵᠢᠷᠣᠭᠠᠯᠠᠬᠤ ᠂ ᠬᠠᠲᠠᠷᠢᠬᠤ ᠂ ᠲᠡᠰᠢᠬᠦ ᠂ ᠴᠤᠢᠯᠠᠬᠤ ᠠᠮᠢᠲᠠᠨ ᠤ᠋ ᠭᠦᠶᠦᠳᠡᠯ ᠶᠠᠪᠤᠳᠠᠯ ᠢ᠋
ᠶᠦᠮᠦᠷ ᠲᠡᠢ ᠂ ᠱᠣᠭ ᠲᠠᠢ ᠂ ᠢᠨᠢᠶᠡᠳᠦ ᠲᠡᠢ ᠂ ᠦᠯᠢᠭᠡᠷ ᠲᠡᠢ ᠪᠢᠴᠢᠯᠭᠡ ᠰᠢᠩᠭᠡᠭᠡᠯᠲᠡ ᠨᠦ᠍ᠭᠦᠳ ᠢ᠋

ᠷᠠᠰᠢᠶᠠᠨ ᠪᠤᠯᠠᠭ ᠤ᠋ᠨ ᠤᠰᠤᠨ ᠮᠡᠲᠦ ᠤᠨᠳᠤᠷᠤᠨ ᠣᠷᠭᠢᠯᠳᠠᠭ ᠬᠡᠢᠮᠣᠷᠢ ᠶ᠋ᠢᠨ ᠪᠦᠲᠦᠭᠡᠯ
ᠷᠢᠯᠦ ᠬᠤᠮᠵᠢᠶ᠎ᠠ ᠠᠳᠠᠯᠢ ᠰᠡᠳᠬᠢᠯ ᠵᠢᠷᠦᠬᠡ ᠶ᠋ᠢ ᠠᠮᠤᠷᠵᠢᠭᠤᠯᠳᠠᠭ ᠬᠡᠢᠮᠣᠷᠢ ᠶ᠋ᠢᠨ ᠳᠠᠷᠤᠮ
ᠷᠣᠮᠠᠨ ᠲᠣᠭᠣᠵᠢ ᠰᠢᠤᠬᠠᠨ ᠰᠡᠳᠬᠢᠯ ᠠᠷᠭᠠᠮᠵᠢᠳᠠᠭ ᠬᠡᠢᠮᠣᠷᠢ ᠰᠦᠯᠵᠢᠶᠡᠨ ᠦ᠌ ᠤᠷᠠᠨ ᠵᠣᠬᠢᠶᠠᠯ
ᠷᠦᠪᠯᠢ ᠠᠷᠠᠳ ᠤ᠋ᠨ ᠵᠣᠭᠣᠰ ᠠᠳᠠᠯᠢ ᠰᠠᠨᠠᠭ᠎ᠠ ᠶ᠋ᠢ ᠲᠠᠲᠠᠭᠠᠳ ᠪᠠᠢᠳᠠᠭ ᠬᠡᠢᠮᠣᠷᠢ ᠰᠦᠯᠵᠢᠶ᠎ᠡ

ᠸᠠᠭᠠᠷ ᠲᠣᠭᠣᠰᠬ᠎ᠠ ᠮᠡᠲᠦ ᠪᠡᠷ ᠴᠢᠮ᠎ᠠ ᠨᠠᠮ᠎ᠠ ᠶ᠋ᠢ ᠴᠢᠮᠡᠭᠯᠡᠳᠡᠭ ᠬᠡᠢᠮᠣᠷᠢ ᠰᠦᠯᠵᠢᠶᠡᠨ ᠠᠭᠤᠯᠭ᠎ᠠ
ᠸᠢᠴᠠᠲQQ ᠪᠤᠰᠤᠳ ᠢ᠋ᠶ᠋ᠠᠷ ᠪᠤᠲᠠᠷᠠᠲᠠᠯ᠎ᠠ ᠳᠠᠮᠵᠢᠭᠳᠠᠳᠠᠭ ᠬᠡᠢᠮᠣᠷᠢ ᠰᠦᠯᠵᠢᠶᠡᠨ ᠦ᠌ ᠠᠯᠢᠪᠠ
ᠸᠴᠢᠷ ᠠᠯᠮᠠᠰ ᠡᠪᠦᠷᠯᠡᠭᠰᠡᠨ ᠰᠢᠤᠬᠠᠨ ᠳᠦᠭᠦᠷᠡᠩ ᠰᠠᠨᠠᠭᠳᠠᠬᠤ ᠬᠠᠨᠤᠮᠵᠢ ᠶ᠋ᠢᠨ ᠬᠣᠢᠮᠣᠷ ᠬᠡᠢᠮᠣᠷᠢ
ᠶᠡᠬᠡ ᠶ᠋ᠢ ᠪᠣᠳᠣᠵᠤ ᠬᠡᠦᠬᠡᠳ ᠲᠡᠭᠡᠨ ᠦᠢᠯᠡᠴᠢᠯᠡᠬᠦ ᠡᠬᠢ ᠶ᠋ᠢ ᠪᠣᠳᠣᠳᠠᠭ ᠲᠠᠯᠠᠷᠬᠠᠯ
ᠲᠦᠭᠡᠭᠡᠵᠦ ᠳᠡᠯᠭᠡᠷᠡᠭᠦᠯᠬᠦ ᠵᠢᠷᠭᠠᠯ ᠡᠳ᠋ᠯᠡᠭᠰᠡᠨ ᠪᠢᠳᠡ ᠪᠦᠬᠦᠨ ᠦ᠌ ᠬᠣᠪᠢᠶᠠᠯᠴᠠᠯ ᠪᠠᠶᠠᠰᠤᠯ
ᠪᠠᠭᠰᠢ ᠶ᠋ᠢᠨ ᠪᠠᠢᠭᠤᠯᠤᠭᠰᠠᠨ ᠠᠴᠢᠲᠤ ᠬᠥᠮᠦᠨ ᠦ᠌ ᠨᠥᠷᠢ ᠬᠥᠳᠡᠯᠮᠦᠷᠢ ᠶ᠋ᠢᠨ ᠬᠦᠷᠲᠡᠭᠡᠯ
ᠠᠯᠤᠰ ᠤ᠋ᠨ ᠪᠣᠳᠣᠯᠭ᠎ᠠ ᠲᠠᠢ ᠬᠥᠮᠦᠨ ᠦ᠌ ᠬᠥᠳᠡᠯᠮᠦᠷᠢ ᠳ᠋ᠦ᠍ ᠴᠠᠭ ᠮᠥᠴᠡ ᠠᠯᠲᠠ ᠠᠳᠠᠯᠢ
ᠬᠣᠯᠠ ᠶ᠋ᠢᠨ ᠦᠢᠯᠡᠰ ᠲᠡᠢ ᠬᠥᠮᠦᠨ ᠳ᠋ᠦ᠍ ᠬᠢᠭᠡᠳ ᠪᠠᠷᠠᠬᠤ ᠦᠭᠡᠢ ᠨᠢ ᠦᠷᠭᠦᠯᠵᠢ
ᠬᠠᠷᠠᠴᠠ ᠥᠷᠭᠡᠨ ᠪᠠᠢᠳᠠᠭ ᠡᠴᠡ ᠪᠡᠨ ᠪᠣᠳᠣᠬᠤ ᠨᠢ ᠴᠦ᠍ ᠣᠯᠠᠨ ᠶᠠᠷᠢᠶᠠᠨ ᠦᠭᠡᠢ
ᠮᠤᠨᠳᠠᠭ ᠪᠠᠢᠳᠠᠭ ᠡᠴᠡ ᠵᠢᠷᠭᠤᠭᠠᠨ ᠣᠷᠣᠨᠲᠤ ᠲᠣᠭ᠎ᠠ ᠬᠦᠷᠲᠡᠯ᠎ᠡ ᠨᠡᠮᠡᠭᠳᠡᠨ᠎ᠡ ᠦᠨᠡᠨ

ᠴᠠᠬᠢᠮ ᠭᠡᠳᠡᠭ ᠰᠢᠨ᠎ᠡ ᠵᠦᠢᠯ ᠢ᠋ᠶ᠋ᠡᠷ ᠴᠢᠷᠮᠠᠢᠵᠤ ᠠᠵᠢᠯᠯᠠᠨ᠎ᠠ ᠭᠡᠳᠡᠭ ᠪᠣᠯ ᠰᠢᠨ᠎ᠡ ᠰᠢᠯᠭᠠᠯᠲᠠ
ᠶᠢᠷᠲᠢᠨᠴᠦ ᠶ᠋ᠢᠨ ᠬᠥᠪᠡᠭᠡ ᠶ᠋ᠢ ᠬᠣᠯᠪᠣᠵᠤ ᠰᠦᠯᠵᠢᠨ᠎ᠡ ᠭᠡᠳᠡᠭ ᠮᠡᠷᠭᠡᠵᠢᠯ ᠦ᠋ᠨ ᠬᠦᠴᠦᠨ
ᠣᠯᠠᠨ ᠬᠠᠷᠢᠭᠤᠴᠠᠯᠭᠠᠲᠤ ᠬᠥᠮᠦᠰ ᠢ᠋ ᠳᠠᠢᠴᠢᠯᠠᠨ᠎ᠠ ᠤᠷᠢᠶᠠᠯᠠᠨ᠎ᠠ ᠭᠡᠳᠡᠭ ᠪᠣᠯ ᠣᠪᠣᠷ
ᠬᠡᠯᠪᠡᠷᠢ ᠲᠣᠭ᠎ᠠ ᠶ᠋ᠢᠨ ᠠᠯᠢ ᠨᠢ ᠴᠦ᠍ ᠳᠤᠲᠠᠵᠤ ᠪᠣᠯᠳᠠᠭ ᠦᠭᠡᠢ ᠣᠳᠣ ᠴᠠᠭ ᠲᠤ᠌
ᠮᠠᠶᠢᠭ ᠤ᠋ᠨ ᠬᠠᠷᠢᠯᠴᠠᠨ ᠦᠯᠢᠶᠡᠯᠲᠡ ᠮᠠᠭᠲᠠᠭᠠᠯ ᠪᠢᠳᠡᠨ ᠳ᠋ᠦ᠍ ᠬᠡᠷᠡᠭ ᠦᠭᠡᠢ
ᠤᠬᠠᠭᠤᠯᠭ᠎ᠠ ᠰᠤᠷᠲᠠᠯᠴᠢᠯᠠᠭ᠎ᠠ ᠬᠢᠵᠦ ᠪᠠᠢᠭ᠎ᠠ ᠥᠪᠡᠷ ᠦ᠋ᠨ ᠲᠥᠯᠥᠭᠡ ᠪᠢᠰᠢ
ᠰᠦᠷᠡᠬᠡᠢ ᠦᠭᠡ ᠪᠡᠷ ᠪᠤᠰᠤᠳ ᠢ᠋ ᠬᠣᠭᠣᠰᠣᠨ ᠮᠠᠭᠲᠠᠬᠤ ᠪᠠᠷ ᠥᠪᠡᠷ ᠢ᠋ᠶ᠋ᠡᠨ ᠬᠥᠳᠡᠯ

ᠨᠢᠭᠡ ᠬᠥᠮᠦᠨ ᠦ᠌ ᠤᠬᠠᠭᠠᠨ ᠢ᠋ ᠵᠠᠷᠤᠵᠤ ᠭᠦᠢᠴᠡᠬᠦ ᠦᠭᠡᠢ ᠵᠢᠮ᠎ᠡ ᠶᠣᠰᠣ ᠪᠠᠢᠳᠠᠭ
ᠵᠠᠭᠤᠨ ᠲᠦᠮᠡ ᠡᠴᠡ ᠳᠠᠬᠢᠵᠦ ᠨᠡᠮᠡᠭᠳᠡᠬᠦ ᠪᠢᠳᠡ ᠪᠦᠭᠦᠳᠡ ᠬᠠᠮᠲᠤ ᠳ᠋ᠠᠭᠠᠨ
ᠬᠣᠶᠠᠷ ᠬᠥᠮᠦᠨ ᠦ᠌ ᠤᠬᠠᠭᠠᠨ ᠢ᠋ ᠵᠠᠷᠤᠭᠠᠳ ᠪᠠᠷᠠᠬᠤ ᠦᠭᠡᠢ ᠡᠪᠦᠭᠡᠳ ᠦ᠋ᠨ ᠰᠤᠷᠭᠠᠯ ᠲᠠᠢ
ᠮᠢᠩᠭᠠᠨ ᠵᠠᠭᠠᠨ ᠢ᠋ ᠬᠤᠷᠤᠭᠤ ᠳᠠᠷᠤᠮ ᠵᠠᠢ ᠳ᠋ᠤ᠌ ᠴᠤ᠌ ᠵᠢᠷᠤᠵᠤ ᠴᠢᠳᠠᠳᠠᠭ ᠨᠢ ᠡᠷᠳᠡᠮ
ᠵᠢᠷᠠᠨ ᠳᠣᠯᠣᠭᠠᠨ ᠣᠷᠣᠨ ᠬᠦᠷᠲᠡᠯ᠎ᠡ ᠥᠪᠡᠷ ᠦ᠋ᠨ ᠢ᠋ᠶ᠋ᠡᠨ ᠨᠡᠷᠡᠢᠳᠦᠯ ᠲᠡᠢ ᠨᠢ ᠦᠨᠡᠨ
ᠰᠠᠨᠠᠭ᠎ᠠ ᠪᠠᠢᠪᠠᠯ ᠰᠠᠨᠠᠭᠰᠠᠨ ᠳ᠋ᠠᠭᠠᠨ ᠬᠦᠷᠬᠦ ᠳ᠋ᠦ᠍ ᠪᠢᠳᠡ ᠪᠦᠬᠦᠨ ᠬᠠᠮᠲᠤ ᠪᠠᠷ ᠢ᠋ᠶ᠋ᠠᠨ
ᠤᠨᠤᠭ᠎ᠠ ᠵᠠᠪᠠᠯ ᠵᠣᠷᠢᠭᠰᠠᠨ ᠳ᠋ᠠᠭᠠᠨ ᠬᠦᠷᠬᠦ ᠪᠡᠷ ᠪᠢᠳᠡ ᠵᠠᠪᠠᠯ ᠦᠢᠯᠡᠳᠦᠯᠭᠡ ᠪᠡᠷ ᠢ᠋ᠶ᠋ᠡᠨ

ᠳᠠᠯᠠᠢ ᠳ᠋ᠤ᠌ ᠴᠢᠳᠬᠤᠭᠰᠠᠨ ᠮᠥᠷᠡᠨ ᠲᠠᠩᠭᠢᠰ ᠬᠠᠨᠳᠤᠭᠰᠠᠨ ᠵᠦᠭ ᠲᠡᠭᠡᠨ ᠰᠢᠳᠤᠷᠭᠤ
ᠳᠠᠶᠠᠭᠠᠷ ᠲᠤ᠌ ᠬᠦᠷᠦᠭᠰᠡᠨ hiimor.com ᠵᠢᠳᠬᠦᠭᠰᠡᠨ ᠵᠦᠭ ᠲᠡᠭᠡᠨ ᠰᠢᠭᠤᠳ
ᠣᠯᠠᠨ ᠤ᠋ ᠬᠦᠴᠦᠨ ᠳ᠋ᠦ᠍ ᠣᠪᠣᠭ᠎ᠠ ᠬᠥᠲᠥᠯᠦᠭᠳᠡᠬᠦ ᠢᠲᠡᠭᠡᠯ ᠦ᠋ᠨ ᠬᠦᠴᠦᠨ ᠭᠦᠢᠴᠡᠳ
ᠣᠮᠣᠭ ᠤ᠋ᠨ ᠡᠮᠦᠨ᠎ᠡ ᠪᠣᠳᠣᠭᠳᠠᠬᠤ ᠎ᠡᠴᠡ ᠬᠥᠳᠡᠯᠦᠯ ᠦ᠋ᠨ ᠬᠥᠳᠡᠯᠮᠦᠷᠢ ᠣᠨᠳᠣᠷᠣᠯ ᠲᠠᠢ

ᠵᠣᠷᠢᠭᠯᠠᠵᠤ ᠪᠢᠴᠢᠭᠰᠡᠨ ᠬᠣᠯᠪᠣᠭ᠎ᠠ ᠮᠠᠨᠢ ᠪᠢᠴᠢᠭᠰᠡᠨ ᠴᠠᠭ ᠡᠴᠡ ᠪᠠᠨ ᠲᠦᠭᠦᠬᠡᠢ
ᠴᠢᠷᠮᠠᠢᠵᠤ ᠬᠡᠯᠡᠭᠰᠡᠨ ᠬᠣᠯᠪᠣᠭ᠎ᠠ ᠴᠤ᠌ ᠬᠡᠯᠡᠭᠰᠡᠨ ᠴᠠᠭ ᠡᠴᠡ ᠪᠠᠨ ᠳᠤᠲᠠᠮᠠᠭ
ᠠᠩᠬᠠᠷᠤᠯ ᠢ᠋ᠶ᠋ᠠᠨ ᠬᠠᠨᠳᠤᠭᠤᠯᠤᠭᠰᠠᠨ ᠲᠠ ᠨᠠᠷ ᠲᠠᠭᠠᠨ ᠴᠢᠩ ᠰᠡᠳᠬᠢᠯ ᠡᠴᠡ ᠲᠠᠯᠠᠷᠬᠠᠯ᠎ᠠ
ᠤᠷᠮ᠎ᠠ ᠬᠠᠢᠷᠠᠯᠠᠭᠰᠠᠨ ᠡᠷᠬᠢᠮ ᠦ᠋ᠳ ᠲᠡᠭᠡᠨ ᠦᠨᠡᠨ ᠰᠠᠨᠠᠭᠠᠨ ᠡᠴᠡ ᠪᠠᠨ ᠪᠠᠶᠠᠷᠯᠠᠯ᠎ᠠ !

  ᠬᠥᠬᠡ ᠯᠤᠤ ᠵᠢᠯ ᠦ᠋ᠨ ᠬᠠᠮᠤᠭ ᠰᠡᠭᠦᠯᠴᠢ ᠶ᠋ᠢᠨ ᠡᠳᠦᠷ ᠪᠤᠭᠤᠲᠤ ᠬᠣᠲᠠᠨ᠎ᠠ ᠰᠡᠢᠷᠡᠭᠦᠯᠪᠡᠢ !
                      2024.12.31