ᠬᠠᠷᠠᠴᠠᠨ ᠠ᠋ᠴᠠ ᠴᠢᠨᠢ ᠰᠢᠯᠦᠭ ᠬᠠᠢᠯ᠎ᠠ - ᠡᠷᠬᠡХарцнаас чинь шүлэг хайл-Эрх
ᠬᠠᠷᠠᠴᠠᠨ ᠠ᠋ᠴᠠ ᠴᠢᠨᠢ ᠰᠢᠯᠦᠭ ᠬᠠᠢᠯ᠎ᠠ
ᠡᠷᠬᠡ
ᠬᠠᠷᠠᠴᠠᠨ ᠠ᠋ᠴᠠ ᠴᠢᠨᠢ ᠪᠢ ᠰᠢᠯᠦᠭ ᠬᠠᠢᠯ᠎ᠠ
ᠬᠠᠪ ᠬᠠᠷᠠᠬᠠᠨ ᠬᠥᠮᠥᠰᠬᠡ ᠲᠡᠢ
ᠰᠠᠷᠠᠨ ᠤ᠋ ᠬᠡ ᠲᠡᠢ ᠵᠢᠷᠪᠢᠰᠬᠢᠯᠡ
ᠢᠨᠢᠶᠡᠳᠦ ᠡᠴᠡ ᠴᠢᠨᠢ ᠵᠢᠷᠭᠠᠯ ᠮᠡᠳᠡᠷᠡᠬᠦ
ᠡᠩᠬᠦᠷᠡᠢ ᠬᠠᠢᠷ᠎ᠠ ᠣᠳᠣᠳ ᠤ᠋ᠨ ᠰᠦᠵᠢᠭ ᠲᠡᠢ
ᠤᠴᠠᠷᠠᠬᠤ ᠶ᠋ᠢᠨ ᠲᠠᠪᠢᠯᠠᠩ ᠬᠦᠰᠡᠬᠦ ᠲᠤᠨᠢᠷᠬᠠᠯ
ᠤᠶᠠᠷᠠᠬᠤ ᠭᠱᠠᠨ ᠢ᠋ᠶ᠋ᠠᠨ ᠰᠠᠨᠠᠬᠤ ᠪᠢᠰᠢᠬᠦᠷᠬᠡᠯ
ᠠᠭᠤᠯᠵᠠᠬᠤ ᠶ᠋ᠢ ᠵᠥᠩᠨᠡᠭᠰᠡᠨ ᠨᠠᠢᠷᠠᠭ ᠠ᠋ᠴᠠ ᠴᠢᠨᠢ
ᠤᠷᠤᠭᠤᠯ ᠤ᠋ᠨ ᠴᠢᠨᠢ ᠥᠩᠭᠡ ᠲᠡᠢ ᠨᠠᠷᠠ ᠮᠠᠨᠳᠤᠨ᠎ᠠ
ᠦᠨᠡᠨ ᠰᠡᠳᠬᠢᠯ ᠳ᠋ᠦ᠍ ᠴᠢᠨᠢ ᠡᠷᠬᠡᠯᠡᠬᠦ
ᠡᠭᠡᠰᠢᠭ ᠪᠣᠯᠵᠤ ᠴᠢᠮᠠᠲᠤ ᠰᠢᠩᠭᠡᠨ᠎ᠡ
ᠪᠥᠮᠪᠥᠷᠴᠡᠭ ᠲᠦ᠍ ᠦᠵᠡᠰᠬᠦᠯᠡᠩ ᠨᠡᠮᠡᠵᠦ
ᠪᠦᠭᠦᠳᠡ ᠳ᠋ᠦ᠍ ᠡᠷᠬᠢᠮᠰᠦᠭ ᠬᠠᠷᠠᠭᠳᠠᠬᠤ
ᠳᠡᠯᠡᠬᠡᠢ ᠳ᠋ᠦ᠍ ᠭᠠᠭᠴᠠᠬᠠᠨ ᠴᠢᠮ᠎ᠠ ᠲᠠᠢ ᠤᠴᠠᠷᠠᠬᠤ ᠶ᠋ᠢ
ᠪᠦᠯᠢᠶᠡᠨ ᠵᠢᠷᠦᠬᠡᠨ ᠦ᠌ ᠦᠵᠦᠭ ᠨᠠᠢᠷᠠᠭ ᠢ᠋ᠶ᠋ᠠᠷ ᠳᠠᠭᠤᠳᠠᠨ᠎ᠠ
ᠭᠡᠵᠢᠭᠡ ᠪᠡᠷ ᠴᠢᠨᠢ ᠡᠷᠬᠡᠯᠡᠬᠦ ᠰᠠᠯᠬᠢ ᠲᠠᠢ ᠠᠲᠠᠭᠠᠷᠬᠠᠵᠤ
ᠭᠡᠭᠡᠨ ᠠᠭᠤᠯᠵᠠᠯᠲᠠ ᠶ᠋ᠢᠨ ᠢᠷᠦᠭᠡᠯ ᠡᠷᠭᠦᠨ
ᠭᠡᠷᠡᠯᠲᠦ ᠬᠣᠷᠸ᠎ᠠ ᠶ᠋ᠢᠨ ᠨᠠᠨᠳᠢᠨ ᠵᠠᠶᠠᠭᠠᠨ ᠳ᠋ᠤ᠌
ᠬᠠᠷᠠᠴᠠᠨ ᠠ᠋ᠴᠠ ᠴᠢᠨᠢ ᠰᠢᠯᠦᠭ ᠬᠠᠢᠯ᠎ᠠ᠃
ᠤᠶᠠᠩᠭᠠᠯᠠᠭᠴᠢ᠄ ᠡᠷᠬᠡ
ᠦᠰᠦᠭ ᠬᠠᠲᠠᠭᠴᠢ᠄ ᠪᠦᠷᠢᠨᠵᠢᠷᠭᠠᠯ
ᠠᠮᠢᠯᠠᠭᠤᠯᠤᠭᠴᠢ᠄ ᠪᠦᠷᠢᠨᠵᠢᠷᠭᠠᠯ
