ᠮᠣᠷᠢᠨ ᠬᠤᠭᠤᠷ ᠤ᠋ᠨ ᠬᠡᠯᠡ- ᠠ᠊· ᡀᠠᠬᠪᠠ Морин хуурын хэл-А·Лхахва ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢᠨ ᠬᠤᠭᠤᠷ ᠤ᠋ᠨ ᠬᠡᠯᠡ- ᠠ᠊· ᡀᠠᠬᠪᠠ Морин хуурын хэл-А·Лхахва

ᠮᠣᠷᠢᠨ ᠬᠤᠭᠤᠷ ᠤ᠋ᠨ ᠬᠡᠯᠡ- ᠠ᠊· ᡀᠠᠬᠪᠠ Морин хуурын хэл-А·Лхахва

2025-01-06

722

ᠮᠣᠷᠢᠨ ᠬᠤᠭᠤᠷ ᠤ᠋ᠨ ᠬᠡᠯᠡ

         ᠠ᠊· ᡀᠠᠬᠪᠠ  

 ᠰᠡᠳᠬᠢᠯ᠎ ᠡᠴᠡ ᠡᠭᠦᠰᠦᠭᠰᠡᠨ ᠰᠠᠯᠬᠢᠨ ᠳ᠋ᠤ᠌ 
 ᠬᠡᠭᠡᠷ᠎ᠡ ᠶ᠋ᠢᠨ ᠰᠠᠯᠬᠢ ᠬᠥᠯᠴᠥᠭᠦᠷᠡᠨ᠎ᠡ 
 ᠲᠩᠷᠢ ᠎ᠡᠴᠡ ᠡᠭᠦᠳᠦᠭᠰᠡᠨ ᠠᠶᠠᠯᠭᠤᠨ ᠳ᠋ᠤ᠌ ᠠᠭᠤᠯᠠ ᠶ᠋ᠢᠨ ᠰᠡᠳᠬᠢᠯ ᠬᠠᠯᠠᠭᠤᠴᠠᠨ᠎ᠠ 
 ᠮᠣᠷᠢᠨ ᠬᠤᠭᠤᠷ ᠤ᠋ᠨ ᠡᠭᠡᠰᠢᠭᠯᠡᠩ ᠡᠢᠮᠦ ᠡᠷᠲᠡᠨ ᠦ᠌ ᠬᠡᠯᠡ 
 ᠮᠣᠩᠭᠣᠯ ᠭᠠᠵᠠᠷ ᠡᠭᠦᠳᠦᠭᠰᠡᠨ ᠶᠡᠬᠡ ᠰᠠᠢᠬᠠᠨ ᠬᠡᠯᠡ ᠠ᠋ 
 ᠡᠨᠡ ᠬᠡᠯᠡ ᠶ᠋ᠢ ᠠᠨᠢᠷᠲᠤᠭᠰᠠᠨ ᠬᠥᠮᠦᠨ ᠡᠷᠡᠮᠰᠢᠨ ᠣᠮᠣᠭᠰᠢᠨ᠎ᠠ 
 ᠡᠨᠡ ᠬᠡᠯᠡ ᠶ᠋ᠢ ᠰᠣᠨᠣᠷᠳᠠᠭᠰᠠᠨ ᠬᠥᠮᠦᠨ ᠡᠯᠢᠭᠡ ᠨᠢ ᠳᠡᠪᠳᠣᠵᠤ ᠤᠶᠠᠷᠠᠨ᠎ᠠ 
 ᠲᠩᠷᠢ ᠶ᠋ᠢ ᠲᠡᠷᠡ ᠥᠨᠳᠥᠷ ᠢ᠋ ᠲᠤᠭ ᠭᠢᠬᠡᠷᠢ ᠪᠡᠷ ᠢ᠋ᠶ᠋ᠡᠨ ᠡᠷᠭᠦᠵᠦ
 ᠲᠤᠤᠯᠢᠰ ᠤ᠋ᠨ ᠶᠡᠬᠡ ᠰᠤᠤ ᠵᠠᠯᠢ ᠪᠠᠷ ᠰᠦᠯᠳᠡ ᠬᠡᠢᠮᠣᠷᠢ ᠲᠠᠢ ᠪᠣᠯᠭᠠᠭᠰᠠᠨ
 ᠲᠩᠷᠢ ᠶ᠋ᠢᠨ ᠦᠭᠡ ᠪᠡᠷ ᠬᠦᠦᠷᠨᠢᠨ᠎ᠡ
 ᠲᠠᠯ᠎ᠠ ᠶ᠋ᠢ ᠲᠠᠯᠪᠢᠭᠤᠨ ᠠᠭᠤᠳᠠᠮ ᠢ᠋
 ᠲᠠᠩᠭᠢᠰ ᠳᠠᠯᠠᠢ ᠶ᠋ᠢ ᠴᠠᠯᠭᠢᠭᠤᠯᠵᠤ ᠲᠢᠪ ᠢ᠋ ᠰᠡᠷᠡᠭᠡᠭᠰᠡᠨ ᠨᠡᠭᠦᠳᠡᠯ ᠢ᠋ᠶ᠋ᠡᠷ
 ᠲᠡᠨᠢᠭᠦᠨ ᠠᠭᠤᠳᠠᠮ ᠪᠣᠯᠭᠠᠭᠰᠠᠨ ᠢ᠋ ᠲᠠᠯ᠎ᠠ ᠶ᠋ᠢᠨ ᠬᠡᠯᠡ ᠪᠡᠷ ᠰᠢᠷᠤᠩᠬᠠᠢᠯᠠᠨ᠎ᠠ 
 ᠮᠣᠷᠢᠨ ᠬᠤᠭᠤᠷ ᠤ᠋ᠨ ᠬᠡᠯᠡ ᠮᠣᠩᠭᠣᠯ ᠲᠩᠷᠢ ᠶ᠋ᠢᠨ ᠬᠡᠯᠡ
 ᠮᠣᠩᠭᠣᠯ ᠭᠠᠵᠠᠷ ᠤ᠋ᠨ ᠬᠡᠯᠡ ᠠ᠋
 ᠤᠨᠠᠵᠤ ᠰᠥᠬᠥᠷᠡᠭᠰᠡᠨ ᠦᠶ᠎ᠡ ᠳ᠋ᠦ᠍ ᠤᠷᠤᠭᠤᠳᠠᠵᠤ ᠪᠦᠳᠦᠷᠢᠭᠰᠡᠨ ᠴᠠᠭ ᠲᠤ᠌
 ᠮᠣᠷᠢᠨ ᠬᠤᠭᠤᠷ ᠤ᠋ᠨ ᠦᠦᠷᠰᠡᠭᠰᠡᠨ ᠮᠣᠩᠭᠣᠯ ᠬᠥᠮᠦᠨ ᠢ᠋ ᠰᠡᠷᠡᠭᠡᠭᠰᠡᠨ
 ᠮᠣᠷᠢᠲᠠᠢ ᠭᠡᠳᠡᠭ ᠢ᠋ ᠨᠢ ᠰᠠᠨᠠᠭᠤᠯᠤᠭᠰᠠᠨ
 ᠬᠠᠯᠢᠷᠠᠵᠤ ᠵᠠᠯᠠᠷᠠᠭᠰᠠᠨ ᠦᠶ᠎ᠡ ᠳ᠋ᠦ᠍ ᠬᠠᠪᠲᠠᠢᠵᠤ ᠪᠥᠬᠥᠢᠭᠰᠡᠨ ᠴᠠᠭ ᠲᠤ᠌
 ᠮᠣᠷᠢᠨ ᠬᠤᠭᠤᠷ ᠤ᠋ᠨ ᠲᠦᠪᠡᠷᠭᠡᠨ ᠮᠣᠩᠭᠣᠯ ᠬᠥᠮᠦᠨ ᠢ᠋ ᠰᠡᠬᠡᠭᠡᠭᠰᠡᠨ
 ᠮᠣᠷᠢᠳ ᠢ᠋ᠶ᠋ᠠᠨ ᠳᠠᠪᠬᠢᠬᠤ ᠶ᠋ᠢ ᠬᠠᠷᠠᠭᠤᠯᠤᠭᠰᠠᠨ ᠠ᠋
 ᠰᠦᠯᠳᠡ ᠬᠡᠢᠮᠣᠷᠢ ᠶ᠋ᠢ ᠰᠡᠷᠡᠭᠡᠵᠦ ᠰᠦᠭᠯᠡᠢᠲᠡᠯ᠎ᠡ ᠲᠩᠷᠢ ᠶ᠋ᠢᠨ ᠳᠡᠭᠡᠷ᠎ᠡ ᠭᠠᠷᠭᠠᠵᠤ
 ᠡᠯᠡᠷ ᠠᠶᠠᠯᠭᠤ ᠨᠢ ᠨᠠᠷᠠᠨ ᠳ᠋ᠤ᠌ ᠬᠦᠷᠭᠡᠵᠦ ᠡᠷᠲᠡᠨ ᠦ᠌ ᠡᠪᠦᠭᠡᠳ ᠲᠡᠢ ᠠᠭᠤᠯᠵᠠᠭᠤᠯᠵᠤ
 ᠬᠥᠭᠡᠷᠭᠡ ᠵᠥᠷᠢᠭᠦᠯᠦᠨ ᠬᠠᠭᠤᠴᠢᠯᠠᠭᠤᠯᠵᠤ ᠬᠥᠬᠡ ᠲᠣᠯᠪᠣ ᠶ᠋ᠢ ᠮᠢᠨᠢ ᠲᠣᠳᠣᠷᠠᠭᠤᠯᠵᠤ ᠥᠭᠳᠡᠭ
 ᠮᠣᠷᠢᠨ ᠬᠤᠭᠤᠷ ᠤ᠋ᠨ ᠬᠡᠯᠡ ᠮᠣᠩᠭᠣᠯ ᠬᠥᠮᠦᠨ ᠦ᠌ ᠬᠡᠯᠡ ᠠ᠋
 ᠪᠠᠳᠠᠷᠠᠨ ᠣᠮᠣᠭᠰᠢᠬᠤ ᠶ᠋ᠢᠨ ᠪᠠᠯ ᠪᠠᠬᠠᠷᠬᠠᠨ ᠬᠡᠷᠡᠯᠳᠦᠬᠦ ᠶ᠋ᠢᠨ ᠭᠠᠯ
 ᠮᠣᠷᠢᠲᠠᠨ ᠮᠣᠩᠭᠣᠯ ᠤ᠋ᠨ ᠬᠥᠯ ᠮᠣᠩᠭᠣᠯ ᠢ᠋ ᠠᠰᠠᠭᠠᠭᠰᠠᠨ ᠬᠡᠯᠡ
 ᠡᠨᠡ ᠬᠡᠯᠡ ᠪᠡᠷ ᠪᠢᠳᠡᠨ ᠢ᠋ ᠡᠬᠡ ᠳᠡᠯᠡᠬᠡᠢ ᠲᠠᠨᠢᠨ᠎ᠠ
 ᠡᠨᠡ ᠬᠡᠯᠡ ᠪᠡᠷ ᠢ᠋ᠶ᠋ᠡᠨ ᠪᠢᠳᠡ ᠡᠯᠦᠨ ᠭᠠᠯᠪᠠ ᠲᠠᠢ ᠴᠤ᠌ ᠶᠠᠷᠢᠯᠴᠠᠨ᠎ᠠ
 ᠮᠣᠷᠢᠨ ᠬᠤᠭᠤᠷ ᠤ᠋ᠨ ᠬᠡᠯᠡ ᠪᠡᠷ ᠢ᠋ᠶ᠋ᠡᠨ ᠮᠣᠩᠭᠣᠯ ᠢᠵᠠᠭᠤᠷ ᠤ᠋ᠨ ᠬᠡᠯᠡ ᠪᠡᠷ ᠢ᠋ᠶ᠋ᠡᠨ
 ᠳᠡᠭᠡᠳᠦ ᠰᠠᠨᠰᠠᠷ ᠢ᠋ ᠴᠦ᠍ ᠤᠶᠠᠷᠠᠭᠠᠨ᠎ᠠ ᠳᠡᠯᠡᠬᠡᠢ ᠶ᠋ᠢ ᠳᠠᠬᠢᠨ ᠳᠠᠭᠠᠭᠤᠯᠤᠨ᠎ᠠ ᠠ᠋

       ᠺᠢᠷᠢᠯ  ᠠᠴᠠ ᠬᠥᠷᠪᠡᠭᠦᠯᠦᠭᠴᠢ᠄  ᠨᠣᠶᠠᠨᠭᠢᠨ· ᠡᠩᠬᠡᠮᠡᠨᠳᠦ
       ᠦᠰᠦᠭ ᠬᠠᠲᠠᠭᠴᠢ᠄ ᠣᠳᠬᠣᠩᠬᠤᠸᠠᠷ 
       ᠠᠮᠢᠯᠠᠭᠤᠯᠤᠭᠴᠢ᠄ ᠪᠦᠷᠢᠨᠵᠢᠷᠭᠠᠯ
       ᠬᠢᠨᠠᠭᠴᠢ᠄  ᠨᠣᠶᠠᠨᠭᠢᠨ· ᠡᠩᠬᠡᠮᠡᠨᠳᠦ