ᠮᠠᠷᠢᠨ᠎ᠠМарина ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠢᠨ᠎ᠠМарина

ᠮᠠᠷᠢᠨ᠎ᠠМарина

2025-01-06

328

ᠮᠠᠷᠢᠨ᠎ᠠ

   ᠲᠤᠰ ᠡᠮ ᠪᠣᠯ ᠮᠠᠷᠢᠨ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠮᠠᠷᠢᠨ᠎ᠠ ᠶ᠋ᠢᠨ ᠦᠨᠳᠦᠰᠦ ᠪᠠ ᠦᠨᠳᠦᠰᠦᠯᠢᠭ ᠡᠰᠢ ᠮᠥᠨ᠃ ᠪᠠᠰᠠ ᠽᠣᠳ᠂ ᠨᠠᠭᠠᠯᠢᠩᠬᠠᠢ ᠡᠪᠡᠰᠦ ᠭᠡᠳᠡᠭ᠃
   [ ᠤᠤᠯ ᠤᠷᠭᠤᠮᠠᠯ] ᠠᠪᠠᠷᠢᠵᠤ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃ ᠦᠨᠳᠦᠰᠦ ᠨᠠᠷᠢᠨ ᠤᠷᠲᠤ ᠪᠤᠲᠠᠯᠠᠨ᠎ᠠ᠂ ᠪᠣᠷᠣ ᠤᠯᠠᠭᠠᠨ ᠪᠤᠶᠤ ᠵᠦᠷᠵᠢᠨ ᠤᠯᠠᠭᠠᠨ ᠥᠩᠭᠡ ᠲᠡᠢ᠃ ᠡᠰᠢ ᠨᠢ ᠳᠥᠷᠪᠡᠯᠵᠢᠨ᠂ ᠵᠠᠷᠢᠮ ᠤ᠋ᠨ ᠬᠢᠨᠢ ᠢᠷᠮᠡᠭ ᠲᠤᠨᠢ ᠰᠥᠷᠭᠡᠦ ᠥᠷᠭᠡᠰᠦ ᠲᠡᠢ᠃ ᠨᠠᠪᠴᠢ ᠨᠢ ᠶᠡᠷᠦ ᠳ᠋ᠡᠭᠡᠨ ᠳᠥᠷᠪᠡ ᠪᠡᠷ ᠳᠤᠭᠤᠢᠷᠠᠨ ᠤᠷᠭᠤᠨ᠎ᠠ᠂ ᠰᠥᠷᠭᠡᠦ ᠥᠷᠭᠡᠰᠦᠲᠦ ᠤᠷᠲᠤ ᠪᠠᠷᠢᠭᠤᠯ ᠲᠠᠢ᠂ ᠥᠨᠳᠡᠭᠡᠯᠵᠢᠨ ᠪᠤᠶᠤ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂2.5—6cm ᠤᠷᠲᠤ᠂1—4cm ᠥᠷᠭᠡᠨ᠃ ᠨᠠᠪᠴᠢᠨ ᠪᠠᠷᠢᠭᠤᠯ᠂ ᠬᠥᠪᠡᠭᠡ᠂ ᠠᠷᠤ ᠶ᠋ᠢᠨ ᠰᠤᠳᠠᠯ ᠳᠡᠭᠡᠷ᠎ᠡ ᠨᠢ ᠪᠦᠷ ᠰᠥᠷᠭᠡᠦ ᠥᠷᠭᠡᠰᠦ ᠲᠡᠢ᠃ ᠴᠡᠴᠡᠭ ᠨᠢ ᠵᠢᠵᠢᠭ᠂ ᠨᠠᠪᠴᠢᠨ ᠤ᠋ ᠥᠪᠥᠷ ᠪᠤᠶᠤ ᠡᠰᠢᠨ ᠦ᠌ ᠣᠷᠣᠢ ᠳ᠋ᠤ᠌ ᠪᠠᠭᠯᠠᠷᠠᠵᠤ ᠱᠣᠷᠣᠯᠵᠢᠨ ᠰᠢᠭ᠋ ᠴᠣᠮᠬᠠᠨ ᠪᠠᠭ ᠴᠡᠴᠡᠭ ᠪᠣᠯᠵᠤ ᠳᠡᠯᠭᠡᠷᠡᠨ᠎ᠡ᠃ ᠴᠡᠴᠡᠭ ᠦ᠋ᠨ ᠳᠡᠯᠪᠢ ᠨᠢ ᠨᠣᠭᠣᠪᠲᠤᠷ ᠰᠢᠷ᠎ᠠ ᠪᠤᠶᠤ ᠴᠠᠭᠠᠨ᠂5 ᠰᠡᠵᠢᠭᠦᠷ ᠬᠡᠯᠲᠡᠰ ᠲᠠᠢ᠂ ᠬᠥᠪᠡᠭᠡ ᠪᠡᠷ ᠢ᠋ᠶ᠋ᠡᠨ ᠦᠰᠦ ᠦᠭᠡᠢ᠃ ᠰᠢᠭᠦᠰᠦᠯᠢᠭ ᠵᠢᠮᠢᠰ ᠨᠢ ᠪᠥᠮᠪᠦᠭᠡᠨ ᠬᠡᠯᠪᠡᠷᠢ ᠲᠡᠢ᠂ ᠪᠣᠯᠪᠠᠰᠤᠷᠠᠪᠠᠯ ᠪᠣᠷᠣᠪᠲᠤᠷ ᠬᠠᠷ᠎ᠠ ᠪᠣᠯᠳᠠᠭ᠃7 ᠳ᠋ᠤᠭᠠᠷ ᠰᠠᠷ᠎ᠠ ᠳ᠋ᠤ᠌ ᠴᠡᠴᠡᠭᠯᠡᠵᠦ᠂9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠬᠣᠯᠢᠮᠠᠭ ᠣᠢ᠂ ᠪᠤᠲᠠ ᠰᠥᠭᠡᠭ ᠳᠤᠮᠳᠠ᠂ ᠠᠭᠤᠯᠠ ᠶ᠋ᠢᠨ ᠬᠠᠵᠠᠭᠤ᠂ ᠬᠡᠭᠡᠷ᠎ᠡ ᠲᠠᠯ᠎ᠠ ᠳ᠋ᠤ᠌ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠾᠧᠪᠧᠢ᠂ ᠾᠧᠨᠠᠨ᠂ ᠱᠠᠨᠳᠦ᠋ᠩ᠂ ᠱᠠᠨ ᠰᠢ᠂ ᠭᠠᠨᠰᠦ᠂ ᠨᠢᠩᠰᠢᠶᠠ᠂ ᠬᠥᠬᠡᠨᠠᠭᠤᠷ᠂ ᠵᠢᠶᠠᠩᠰᠦ᠂ ᠠᠨᠾᠥ᠋ᠢ᠂ ᠵᠧᠵᠢᠶᠠᠩ᠂ ᠹᠦᠵᠢᠶᠠᠨ᠂ ᠲᠠᠢᠸᠠᠨ᠂ ᠭᠤᠸᠠᠩᠳᠥ᠋ᠩ᠂ ᠭᠤᠸᠠᠩᠰᠢ᠂ ᠬᠤᠪᠧᠢ᠂ ᠬᠤᠨᠠᠨ᠂ ᠵᠢᠶᠠᠩᠰᠢ᠂ ᠰᠧᠴᠤᠸᠠᠨ᠂ ᠶᠦᠨᠨᠠᠨ᠂ ᠭᠦᠢᠵᠧᠦ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠠᠪᠤᠷ᠂ ᠨᠠᠮᠤᠷ ᠦᠨᠳᠦᠰᠦ ᠪᠠ ᠦᠨᠳᠦᠰᠦᠯᠢᠭ ᠡᠰᠢ ᠶ᠋ᠢ ᠮᠠᠯᠲᠠᠨ ᠠᠪᠴᠤ ᠰᠢᠪᠡᠷ ᠰᠢᠷᠣᠢ ᠶ᠋ᠢ ᠨᠢ ᠠᠷᠢᠯᠭᠠᠭᠠᠳ᠂ ᠬᠡᠷᠴᠢᠵᠦ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠃ᠰᠡᠷᠢᠭᠦᠨ ᠴᠢᠨᠠᠷ ᠲᠠᠢ᠃ ᠰᠡᠷᠢᠭᠦᠨ᠂ ᠮᠣᠬᠣᠳᠠᠭ᠂ ᠡᠶᠡᠯᠳᠡᠭ᠂ ᠬᠠᠭᠤᠷᠠᠢ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠴᠢᠰᠤᠨ ᠬᠠᠯᠠᠭᠤᠨ ᠢ᠋ ᠠᠷᠢᠯᠭᠠᠬᠤ᠂ ᠰᠠᠭᠤᠯᠭᠠᠬᠤ ᠶ᠋ᠢ ᠵᠣᠭᠰᠣᠭᠠᠬᠤ᠂ ᠴᠢᠰᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠴᠢᠰᠤᠨ ᠬᠠᠯᠠᠭᠤᠨ᠂ ᠴᠢᠰᠤ ᠪᠠᠷ ᠪᠥᠭᠡᠯᠵᠢᠬᠦ᠂ ᠬᠠᠮᠠᠷ ᠠ᠋ᠴᠠ ᠴᠢᠰᠤ ᠭᠠᠷᠬᠤ᠂ ᠰᠠᠷ᠎ᠠ ᠶ᠋ᠢᠨ ᠭᠬᠢᠷ ᠴᠤᠪᠤᠷᠠᠬᠤ᠂ ᠠᠭᠤᠰᠬᠢ ᠪᠥᠭᠡᠷᠡᠨ ᠦ᠌ ᠲᠤᠷᠭᠢᠭᠰᠠᠨ ᠬᠠᠯᠠᠭᠤᠨ᠂ ᠤᠯᠠᠭᠠᠨ ᠣᠳ᠂ ᠭᠡᠳᠡᠰᠦᠨ ᠬᠠᠳᠬᠤᠯᠭ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄茜草
   ᠠᠩᠭ᠌ᠯᠢ ᠨᠡᠷ᠎ᠡ᠄Rubia Linn

   ᠦᠰᠦᠭ ᠠᠮᠢᠯᠠᠭᠤᠯᠤᠭᠴᠢ᠄ ᠪᠣᠷᠵᠢᠭᠢᠨ᠂ ᠳᠠᠷᠢᠮ᠎ᠠ
   ᠬᠢᠨᠠᠭᠴᠢ᠄ ᠲᠤᠶᠠᠭ᠎ᠠ