ᠲᠡᠮᠡᠭᠡᠨ ᠦ ᠳᠤᠤᠯᠢ -ᠲ ∙ ᠭᠣᠴᠣᠣ-ᠨᠠᠢᠷᠠᠭᠯᠠᠯТ.Гочоо Тэмээний дууль найраглал ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡᠨ ᠦ ᠳᠤᠤᠯᠢ -ᠲ ∙ ᠭᠣᠴᠣᠣ-ᠨᠠᠢᠷᠠᠭᠯᠠᠯТ.Гочоо Тэмээний дууль найраглал

ᠲᠡᠮᠡᠭᠡᠨ ᠦ ᠳᠤᠤᠯᠢ -ᠲ ∙ ᠭᠣᠴᠣᠣ-ᠨᠠᠢᠷᠠᠭᠯᠠᠯТ.Гочоо Тэмээний дууль найраглал

2025-01-05

1062

ᠲᠡᠮᠡᠭᠡᠨ ᠦ᠌ ᠲᠤᠤᠯᠢ

ᠬᠥᠮᠦᠨ ᠦ᠌ ᠬᠡᠯᠡ ᠪᠡᠷ ᠮᠠᠯ ᠶᠠᠷᠢᠨ᠎ᠠ ᠭᠡᠳᠡᠭ ᠭᠠᠢᠬᠠᠮᠰᠢᠭ᠂ 
ᠬᠥᠮᠦᠨ ᠮᠠᠯ ᠤ᠋ᠨ ᠬᠡᠯᠡ ᠪᠡᠷ ᠶᠠᠷᠢᠨ᠎ᠠ ᠭᠡᠳᠡᠭ ᠭᠤᠲᠤᠮᠰᠢᠭ 
   ᠵᠣᠬᠢᠶᠠᠭᠴᠢ᠄ ᠲᠦᠳᠦᠪ ᠦ᠋ᠨ ᠭᠣᠴᠣᠣ 

ᠲᠡᠮᠡᠭᠡᠨ ᠦ᠌ ᠲᠤᠤᠯᠢ (ᠨᠠᠢᠷᠠᠭᠯᠠᠯ) ᠪᠣᠯᠤᠭᠰᠠᠨ ᠶᠠᠪᠤᠳᠠᠯ ᠠ᠋ᠴᠠ ᠰᠡᠳᠦᠪᠯᠡᠪᠡ᠃
ᠬᠠᠷᠢ ᠨᠤᠲᠤᠭ ᠲᠤ᠌ ᠰᠤᠷᠤᠯᠴᠠᠵᠤ ᠪᠠᠢᠬᠤ ᠳ᠋ᠠᠭᠠᠨ ᠠᠮᠢᠲᠠᠨ ᠤ᠋ ᠬᠦᠷᠢᠶᠡᠯᠡᠩ ᠢ᠋ᠶ᠋ᠡᠷ ᠣᠷᠣᠯ᠎ᠠ ᠪᠢ᠃ ᠬᠠᠴᠢᠨ ᠰᠣᠨᠢᠨ ᠠᠮᠢᠲᠠᠳ ᠢ᠋ ᠦᠵᠡᠭᠡᠳ ᠠᠯᠮᠠᠢᠷᠠᠨ ᠭᠠᠢᠬᠠᠵᠤ ᠶᠠᠪᠤᠯ᠎ᠠ ᠬᠦ ᠃ᠭᠡᠲᠡᠯ᠎ᠡ᠂ ᠨᠢᠭᠡᠨ ᠦᠷᠦ ᠡᠪᠡᠳᠦᠮ᠎ᠡ ᠠᠮᠢᠲᠠᠨ ᠭᠡᠨᠡᠳᠲᠡ ᠨᠠᠮᠠᠶ᠋ᠢ ᠭᠤᠨᠢᠭ ᠲᠤ᠌ ᠤᠨᠠᠭᠠᠪᠠ᠃ ᠭᠠᠯᠪᠠ ᠶ᠋ᠢᠨ ᠭᠣᠪᠢ ᠶ᠋ᠢᠨ ᠮᠢᠨᠢ ᠬᠦᠷᠡᠩ ᠲᠡᠮᠡᠭᠡ ᠭᠠᠩᠰᠠᠷᠠᠵᠤ ᠭᠣᠮᠣᠳᠠᠭᠰᠠᠨ ᠠᠮᠢᠲᠠᠨ ᠪᠠᠢᠯ᠎ᠠ ᠃ ᠬᠠᠷᠠᠭᠠᠳ ᠪᠢ ᠪᠠᠶᠠᠷᠯᠠᠭᠰᠠᠨ ᠦᠭᠡᠢ᠂ ᠬᠠᠷᠢᠨ ᠴᠤ᠌ ᠬᠠᠷᠠᠮᠰᠠᠯ ᠤ᠋ᠨ ᠨᠢᠯᠪᠤᠰᠤ ᠪᠠᠨ ᠪᠠᠷᠢᠵᠤ ᠴᠢᠳᠠᠭᠰᠠᠨ ᠦᠭᠡᠢ᠃ ᠬᠠᠷᠢᠨ ᠲᠡᠮᠡᠭᠡ ᠨᠠᠮ᠎ᠠ ᠶ᠋ᠢ ᠲᠠᠨᠢᠬᠤ ᠰᠢᠭ᠋᠂ᠬᠠᠷᠠᠬᠠᠨ ᠨᠢᠳᠦᠨ ᠡᠴᠡ ᠪᠡᠨ ᠨᠢᠯᠪᠤᠰᠤ ᠤᠷᠤᠰᠬᠠᠪᠠ᠃ ᠠᠢ ᠬᠥᠭᠡᠷᠦᠬᠦᠢ! ᠲᠡᠭᠦᠨ ᠦ᠌ ᠮᠢᠨᠢ ᠥᠨᠳᠥᠷ ᠪᠦᠬᠦ ᠨᠢ ᠤᠨᠠᠭᠰᠠᠨ ᠪᠠᠢᠯ᠎ᠠ ᠃ ᠡᠪᠡᠢ ᠬᠠᠢᠷᠠᠨ ᠲᠡᠮᠡᠭᠡᠨ ᠦ᠌ ᠮᠢᠨᠢ ᠥᠷᠥᠭᠡᠰᠦᠨ ᠨᠢᠳᠦ ᠨᠢ ᠰᠣᠬᠣᠷᠠᠭᠰᠠᠨ ᠪᠠᠢᠯ᠎ᠠ᠃ ᠬᠠᠷᠠᠮᠰᠠᠯ᠂ ᠭᠠᠭᠴᠠᠭᠠᠷᠳᠠᠯ ᠤ᠋ᠨ ᠲᠤᠢᠯ ᠢ᠋ ᠦᠵᠡᠬᠦ ᠬᠠᠯᠠᠭᠤᠨ ᠲᠠᠮᠤ ᠳ᠋ᠤ᠌ ᠤᠨᠠᠵᠤ ᠳᠠ ᠲᠡᠷᠡ᠃ ᠬᠠᠵᠠᠭᠤ ᠳ᠋ᠤ᠌ ᠨᠢ ᠵᠢᠭᠠᠬᠠᠨ ᠵᠣᠭᠰᠣᠬᠤ ᠠ᠋ᠴᠠ ᠥᠭᠡᠷ᠎ᠡ᠂ ᠬᠠᠷᠢᠨ ᠲᠡᠭᠦᠨ ᠳ᠋ᠦ᠍ ᠲᠤᠰᠠᠯᠠᠵᠤ ᠡᠰᠡ ᠴᠢᠳᠠᠪᠠ ᠪᠢ᠃ ᠬᠣᠰᠢᠭᠤ ᠶ᠋ᠢ ᠨᠢ ᠨᠢᠭᠡ ᠢᠯᠢᠮᠡᠷ ᠰᠠᠨᠠᠭᠳᠠᠪᠠᠴᠤ᠂ ᠲᠣᠣᠷ ᠤ᠋ᠨ ᠬᠠᠰᠢᠶ᠎ᠠ ᠨᠢ ᠴᠣᠣᠵᠢ ᠲᠠᠢ ᠪᠠᠢᠯ᠎ᠠ ᠃ ᠬᠦᠵᠦᠭᠦᠦ ᠶ᠋ᠢ ᠨᠢ ᠨᠢᠭᠡ ᠲᠡᠪᠡᠷᠢᠮᠡᠷ ᠪᠠᠢᠭᠰᠠᠨ ᠴᠤ᠌ ᠲᠡᠮᠦᠷ ᠰᠡᠷᠡᠯᠵᠢ ᠨᠢ ᠲᠦᠭᠵᠢᠭᠡ ᠲᠡᠢ ᠪᠠᠢᠯ᠎ᠠ᠃ ᠵᠠᠪ ᠯᠠ ᠭᠠᠷᠪᠠᠯ ᠲᠡᠮᠡᠭᠡ ᠤᠷᠤᠭᠤ ᠪᠠᠨ ᠣᠴᠢᠬᠤ ᠳ᠋ᠠᠭᠠᠨ ᠵᠠᠪᠠᠯ ᠵᠢᠭᠠᠬᠠᠨ ᠳᠠᠪᠤᠰᠤ ᠠᠪᠳᠠᠭ ᠰᠠᠨ᠃ ᠥᠭᠡᠷ᠎ᠡ ᠠᠮᠢᠲᠠᠳ ᠢ᠋ ᠬᠠᠷᠠᠬᠤ ᠶ᠋ᠢ ᠴᠦ᠍ ᠰᠡᠭᠡᠭᠡ ᠦᠭᠡᠢ᠃ ᠥᠨᠥᠬᠢ ᠯᠡ ᠭᠠᠵᠠᠷ ᠢ᠋ᠶ᠋ᠠᠨ ᠶᠠᠭᠠᠷᠠᠨ ᠣᠴᠢᠳᠠᠭ ᠰᠠᠨ᠃ ᠤᠯᠠᠭᠠᠨ ᠠᠳᠠ ᠮᠢᠨᠢ ᠨᠠᠮᠠᠶ᠋ᠢ ᠠᠨᠳᠠᠬᠤ ᠦᠭᠡᠢ᠂ ᠤᠭᠲᠤᠵᠤ ᠦᠳᠡᠬᠦ ᠳ᠋ᠡᠭᠡᠨ ᠣ ᠬᠢᠯᠠᠳᠠᠭ ᠪᠠᠢᠭᠰᠠᠨ ᠶᠤᠮ ᠬᠥᠭᠡᠷᠦᠬᠦᠢ! ᠤᠯᠠᠭᠠᠨ ᠲᠡᠮᠡᠭᠡᠨ ᠦ᠌ ᠪᠡᠨ ᠰᠡᠳᠬᠢᠯ ᠢ᠋ ᠵᠠᠰᠠᠬᠤ ᠭᠡᠵᠦ ᠤᠷᠲᠤ ᠶ᠋ᠢᠨ ᠳᠠᠭᠤᠤ ᠪᠠᠨ ᠠᠶᠠᠯᠵᠤ ᠥᠭᠳᠡᠭ ᠰᠠᠨ᠃ 《ᠥᠨᠥᠴᠢᠨ ᠴᠠᠭᠠᠨ》 ᠢ᠋ ᠠᠶᠠᠷᠬᠠᠨ ᠠᠶᠠᠯᠬᠤ ᠳ᠋ᠠᠭᠠᠨ ᠪᠢ ᠥᠪᠡᠷ ᠦ᠋ᠨ ᠡᠷᠬᠡ ᠦᠭᠡᠢ ᠮᠡᠭᠰᠢᠨ ᠤᠬᠢᠯᠠᠳᠠᠭ ᠰᠠᠨ᠃ ᠰᠠᠳᠠᠷᠠᠭᠰᠠᠨ ᠨᠢᠯᠪᠤᠰᠤ ᠲᠠᠢ ᠤᠯᠠᠭᠠᠨ ᠠᠳᠠ ᠮᠢᠨᠢ ᠰᠡᠷᠡᠯᠵᠢᠨ ᠦ᠌ ᠴᠠᠭᠠᠨ᠎ᠠ ᠠ᠋ᠴᠠ ᠲᠣᠩᠭᠣᠢᠵᠤ ᠦᠨᠦᠷᠯᠡᠳᠡᠭ ᠰᠠᠨ᠃ ᠨᠤᠲᠤᠭ ᠢ᠋ᠶ᠋ᠠᠨ ᠰᠠᠨᠠᠭᠰᠠᠨ ᠪᠠᠯᠴᠢᠷ ᠬᠦᠦ ᠨᠠᠳᠠᠳᠤ᠂ ᠨᠤᠲᠤᠭ ᠤ᠋ᠨ ᠮᠢᠨᠢ ᠲᠡᠮᠡᠭᠡ ᠳᠠᠩᠴᠤ ᠦᠷᠦ ᠡᠪᠡᠳᠦᠮᠡᠷ ᠂ ᠨᠢᠯᠪᠤᠰᠤ ᠨᠢ ᠪᠥᠮᠪᠥᠷᠢᠬᠦ ᠠᠳᠠ ᠶ᠋ᠢ ᠪᠡᠨ ᠰᠠᠨᠠᠬᠤ ᠪᠦᠷᠢ ᠳ᠋ᠦ᠍ ᠨᠢᠳᠦᠨ ᠳ᠋ᠦ᠍ ᠮᠢᠨᠢ ᠣᠳᠣ ᠴᠤ᠌ ᠴᠢᠭᠢᠭ ᠲᠠᠲᠠᠳᠠᠭ ᠶᠤᠮ᠃ ᠲᠡᠮᠡᠭᠡᠨ ᠠᠴᠢᠶᠠᠨ ᠳᠡᠭᠡᠷ᠎ᠡ ᠨᠡᠭᠦᠳᠡᠯ ᠢ᠋ᠶ᠋ᠡᠷ ᠪᠦᠪᠡᠢᠯᠡᠭᠦᠯᠵᠦ᠂ ᠲᠡᠮᠡᠭᠡ ᠪᠡᠷ ᠢ᠋ᠶ᠋ᠡᠨ ᠲᠡᠰᠢᠭᠦᠯᠦᠭᠰᠡᠭᠡᠷ ᠰᠤᠷᠭᠠᠭᠤᠯᠢ ᠳ᠋ᠠᠭᠠᠨ ᠢᠷᠡᠵᠦ᠂ ᠣᠴᠢᠵᠤ ᠲᠡᠮᠡᠭᠡᠨ ᠰᠦᠷᠦᠭ ᠢ᠋ᠶ᠋ᠡᠨ ᠲᠣᠭᠣᠷᠢᠨ ᠡᠷᠭᠢᠭᠦᠯᠵᠦ ᠥᠰᠦᠭᠰᠡᠨ ᠲᠡᠮᠡᠭᠡ ᠲᠡᠢ ᠠᠢᠯ ᠤ᠋ᠨ ᠬᠦᠦ ᠪᠣᠯᠤᠭᠰᠠᠨ ᠪᠢ᠂ᠨᠤᠲᠤᠭ ᠤ᠋ᠨ ᠲᠡᠭᠦᠨ ᠢ᠋ ᠪᠡᠨ ᠡᠷᠭᠢᠬᠦ ᠪᠦᠷᠢ ᠳ᠋ᠡᠭᠡᠨ ᠲᠥᠷᠥᠯ ᠲᠡᠢ ᠪᠡᠨ ᠠᠭᠤᠯᠵᠠᠬᠤ ᠮᠡᠲᠦ ᠪᠣᠯᠳᠠᠭ ᠪᠠᠢᠯ᠎ᠠ᠃ᠨᠤᠲᠤᠭ ᠵᠠᠭᠠᠭᠲᠠᠭᠰᠠᠨ ᠤᠯᠠᠭᠠᠨ ᠠᠲᠠᠨ ᠤ᠋ ᠮᠢᠨᠢ ᠲᠣᠭᠣᠷᠢᠭ ᠲᠠᠪᠢᠯᠠᠩ ᠬᠠᠲᠠᠭᠤ ᠪᠠᠢᠯ᠎ᠠ᠃ᠠᠮᠲᠠ ᠰᠤᠯᠠ ᠲᠠᠢ ᠦᠯᠥᠩ ᠡᠪᠡᠰᠦ ᠪᠡᠷ ᠠᠮᠢ ᠵᠢᠭᠤᠬᠤ ᠲᠡᠳᠦᠢ ᠬᠢᠨ ᠪᠣᠯᠵᠤ ᠣᠯᠠᠨ ᠣᠨ ᠢ᠋ᠶ᠋ᠠᠷ ᠲᠣᠣᠷ ᠤ᠋ᠨ ᠬᠠᠰᠢᠶᠠᠨ ᠳ᠋ᠤ᠌ ᠣᠷᠣ ᠭᠠᠭᠴᠠ ᠪᠠᠷ ᠬᠣᠷᠢᠭᠳᠠᠭᠰᠠᠭᠠᠷ ᠪᠠᠢᠭ᠎ᠠ ᠨᠢ ᠃ ᠡᠭᠡᠷᠡᠮ᠎ᠡ ᠭᠣᠪᠢ ᠪᠠᠷ ᠢ᠋ᠶ᠋ᠠᠨ ᠲᠠᠪᠠ ᠪᠠᠷ ᠢ᠋ᠶ᠋ᠠᠨ ᠬᠡᠷᠡᠵᠦ᠂ ᠢᠳᠡᠰᠢ ᠤᠷᠭᠤᠮᠠᠯ ᠢ᠋ᠶ᠋ᠠᠨ ᠳᠤᠷ᠎ᠠ ᠪᠠᠷ ᠢ᠋ᠶ᠋ᠠᠨ ᠬᠡᠪᠢᠵᠦ᠂ ᠢᠵᠢᠯᠢ ᠰᠦᠷᠦᠭ ᠲᠡᠢ ᠪᠡᠨ ᠢᠳᠡᠰᠢᠯᠡᠵᠦ ᠶᠠᠪᠤᠭᠰᠠᠨ ᠲᠡᠭᠦᠨ ᠳ᠋ᠦ᠍᠂ ᠡᠨᠡ ᠯᠡ ᠬᠠᠭᠠᠴᠠᠯ ᠤ᠋ᠨ ᠲᠤᠢᠯ ᠪᠠᠢᠯ᠎ᠠ ᠃ ᠢᠵᠢᠯᠢ ᠣᠯᠠᠨ ᠲᠡᠮᠡᠭᠡᠨ ᠰᠦᠷᠦᠭ ᠢ᠋ᠶ᠋ᠡᠨ᠂ ᠡᠨᠡ ᠵᠠᠬ᠎ᠠ ᠦᠭᠡᠢ ᠠᠭᠤᠳᠠᠮ ᠭᠣᠪᠢ ᠪᠠᠨ᠂ ᠢᠳᠡᠬᠦ ᠳᠤᠷ᠎ᠠ ᠲᠠᠢ ᠠᠮᠲᠠᠲᠤ ᠤᠷᠭᠤᠮᠠᠯ ᠢ᠋ᠶ᠋ᠠᠨ ᠶᠡᠬᠡ ᠯᠡ ᠰᠠᠨᠠᠭᠰᠠᠨ ᠠᠮᠢᠲᠠᠨ ᠪᠠᠢᠯ᠎ᠠ ᠃ ᠠᠯᠢᠬᠠᠨ ᠭᠣᠪᠢ ᠶ᠋ᠢᠨ ᠴᠢᠮᠡᠭ ᠪᠣᠯᠤᠭᠰᠠᠭᠠᠷ ᠠᠯᠬᠤᠵᠤ ᠶᠠᠪᠤᠭᠰᠠᠨ ᠠᠳᠠ ᠶᠤᠮ ᠪᠣᠯᠪᠠ ᠤᠤ ᠳᠠ᠃ ᠡᠬᠡ ᠭᠣᠪᠢ ᠶ᠋ᠢᠨ ᠡᠵᠡᠨ ᠮᠠᠯᠴᠢᠨ ᠨᠢ ᠢᠩᠭᠢᠨ᠎ᠡ ᠴᠦ᠍ ᠭᠡᠵᠦ ᠰᠠᠨᠠᠭ᠎ᠠ ᠦᠭᠡᠢ ᠯᠡ ᠪᠠᠢᠬᠤ ᠳᠠ᠃ ᠬᠠᠷᠢ ᠨᠤᠲᠤᠭ ᠲᠤ᠌ ᠲᠠᠮᠤ ᠲᠠᠢ ᠤᠴᠠᠷᠠᠭᠰᠠᠨ ᠲᠡᠭᠦᠨ ᠦ᠌ ᠬᠠᠵᠠᠭᠤᠬᠠᠨ ᠲᠠᠯ᠎ᠠ ᠳ᠋ᠤ᠌ ᠨᠢ ᠠᠷᠢᠶᠠᠲᠠᠨ ᠠᠷᠬᠢᠷᠠᠳᠠᠭ ᠰᠠᠨ᠂ ᠠᠷᠢᠶᠠᠲᠠᠨ ᠤ᠋ ᠲᠡᠷᠡᠬᠦ ᠠᠶᠤᠮᠰᠢᠭᠲᠤ ᠴᠢᠮᠡᠭᠡᠨ ᠳ᠋ᠦ᠍ ᠠᠢᠳᠠᠰ ᠲᠥᠷᠥᠬᠦ ᠦᠭᠡᠢ ᠪᠠᠢᠬᠤ ᠶ᠋ᠢᠨ ᠴᠦ᠍ ᠠᠷᠭ᠎ᠠ ᠦᠭᠡᠢ᠃ ᠬᠠᠮᠤᠭ ᠤ᠋ᠨ ᠰᠡᠭᠦᠯ ᠳ᠋ᠦ᠍ ᠲᠡᠮᠡᠭᠡ ᠪᠡᠨ ᠡᠷᠭᠢᠬᠦ ᠳ᠋ᠡᠭᠡᠨ ᠪᠢ ᠬᠠᠭᠠᠴᠠᠵᠤ ᠶᠠᠳᠠᠨ ᠤᠳᠠᠭᠠᠨ ᠵᠣᠭᠰᠣᠭᠰᠠᠨ᠃ ᠥᠭᠡᠵᠡᠭ ᠳᠡᠭᠡᠷ᠎ᠡ ᠪᠡᠨ ᠰᠠᠷᠠᠨ ᠲᠠᠮᠠᠭ᠎ᠠ ᠲᠠᠢ ᠥᠷᠭᠡᠨ ᠭᠣᠪᠢ ᠶ᠋ᠢᠨ ᠤᠯᠠᠭᠠᠨ ᠠᠳᠠ ᠮᠢᠨᠢ᠂ ᠥᠷᠥᠨ᠎ᠡ ᠶ᠋ᠢᠨ ᠣᠷᠣᠨ ᠤ᠋ ᠠᠮᠢᠲᠠᠨ ᠤ᠋ ᠬᠦᠷᠢᠶᠡᠯᠡᠩ ᠳ᠋ᠦ᠍ ᠥᠨᠥᠴᠢᠷᠡᠵᠦ ᠭᠠᠩᠰᠠᠷᠠᠭᠰᠠᠭᠠᠷ ᠯᠠ ᠦᠯᠡᠳᠡᠵᠦ ᠪᠢᠯᠡ᠃ ᠤᠯᠠᠭᠠᠨ ᠠᠳᠠ ᠮᠢᠨᠦ ᠢᠷᠡᠬᠦ ᠶ᠋ᠢ ᠤᠳᠠᠭᠠᠨ ᠬᠦᠯᠢᠶᠡᠵᠦ ᠬᠠᠷᠠᠭᠤᠯᠳᠠᠭ᠎ᠠ ᠪᠣᠯᠪᠠ ᠤᠤ᠂ ᠶᠠᠭᠠᠬᠢᠭ᠎ᠠ ᠪᠣᠯ᠂ᠲᠡᠷᠡᠬᠦ ᠦᠷᠦ ᠡᠪᠡᠳᠦᠮ᠎ᠡ ᠭᠤᠨᠢᠭᠲᠤ ᠤᠴᠠᠷᠠᠯ ᠬᠠᠷ᠎ᠠ ᠳᠠᠷᠤᠭᠰᠠᠨ ᠵᠡᠭᠦᠳᠦ ᠰᠢᠭ ᠪᠠᠢᠯ᠎ᠠ ᠃ ᠲᠡᠩᠬᠡᠭᠡᠲᠦ ᠮᠣᠩᠭᠣᠯ ᠤᠨᠤᠭ᠎ᠠ ᠲᠡᠮᠡᠭᠡ ᠪᠡᠨ ᠬᠠᠷᠢ ᠳ᠋ᠤ᠌ ᠯᠠ ᠪᠢᠲᠡᠭᠡᠢ ᠠᠷᠠᠯᠵᠢᠵᠤ ᠪᠠᠢᠭᠠᠷᠠᠢ ᠳᠠ᠂ᠮᠣᠩᠭᠣᠯᠴᠤᠳ ᠠ᠋!

   ᠵᠣᠬᠢᠶᠠᠯᠴᠢ᠂ ᠢᠷᠠᠭᠤ ᠨᠠᠢᠷᠠᠭᠴᠢ ᠲᠦᠳᠦᠪ ᠦ᠋ᠨ ᠭᠣᠴᠣᠣ( ᠨᠠᠯᠠᠢᠬᠤ ᠬᠣᠲᠠ ᠳ᠋ᠤ᠌2008 ᠣᠨ ᠳ᠋ᠤ᠌)
   ᠤᠩᠰᠢᠭᠰᠠᠨ ᠨᠢ᠄ ᠡᠷᠬᠢᠮᠪᠠᠶᠠᠷ ᠤ᠋ᠨ ᠪᠠᠲᠤᠳᠣᠷᠵᠢ 2025 ᠣᠨ ᠳ᠋ᠤ᠌
   ᠦᠰᠦᠭ ᠬᠠᠲᠠᠭᠴᠢ᠄ ᠣᠶᠤᠨᠴᠢᠮᠡᠭ
   ᠬᠢᠨᠠᠭᠴᠢ᠄ ᠣᠳᠬᠠᠨᠰᠸ᠎ᠠ