ᠰᠣᠶᠣᠯ ᠤ᠋ᠨ ᠠᠯᠲᠠᠨ ᠥᠯᠥᠭᠡᠢ -ᠨᠢᠭᠡᠨ᠎ᠡ᠂ ᠰᠠᠨᠢᠴᠠᠷ᠂ ᠠᠷᠤᠤᠬᠠᠨСоёлын алтан өлгий
ᠰᠣᠶᠣᠯ ᠤ᠋ᠨ ᠠᠯᠲᠠᠨ ᠥᠯᠥᠭᠡᠢ
ᠦᠭᠡ᠄ ᠲᠤᠭᠴᠢ ᠯᠤᠪᠰᠠᠩ
ᠠᠶ᠎ᠠ᠄ ᠭᠠᠰᠢᠸ᠋ᠠ
ᠳᠠᠭᠤᠴᠢᠨ᠄ ᠨᠢᠭᠡᠨ᠎ᠡ᠂ ᠰᠠᠨᠢᠴᠠᠷ᠂ ᠠᠷᠤᠤᠬᠠᠨ
ᠢᠯᠴᠢ ᠬᠠᠢᠷ᠎ᠠ ᠪᠠᠨ ᠢᠪᠡᠭᠡᠨ ᠰᠣᠶᠣᠷᠬᠠᠭᠰᠠᠨ
ᠢᠷᠠᠭᠤ ᠴᠡᠭᠡᠯᠬᠡᠨ ᠬᠣᠩᠭᠣᠷ ᠵᠢᠷᠭᠢᠭᠡᠨ ᠲᠡᠢ
ᠥᠭᠭᠢᠶᠡᠮᠦᠷ ᠰᠢᠮ᠎ᠡ ᠪᠡᠨ ᠬᠦᠷᠲᠡᠭᠡᠨ ᠲᠣᠷᠨᠢᠭᠤᠯᠤᠭᠰᠠᠨ
ᠥᠪ ᠰᠣᠶᠣᠯ ᠤ᠋ᠨ ᠡᠷᠳᠡᠨᠢ ᠶ᠋ᠢᠨ ᠪᠦᠪᠡᠢ
ᠠ ᠬᠠ ᠠ ᠬᠠ ᠬᠦ
ᠮᠥᠩᠬᠡ ᠶ᠋ᠢᠨ ᠬᠠᠢᠷᠠᠲᠠᠢ ᠰᠤᠷᠭᠠᠭᠤᠯᠢ ᠮᠢᠨᠢ
ᠮᠥᠷᠥᠭᠡᠳᠦᠯ ᠳᠤᠷᠠᠰᠤᠯ ᠤ᠋ᠨ ᠠᠩᠬᠢᠷᠬᠠᠨ ᠳᠡᠯᠡᠬᠡᠢ
ᠡᠨᠡᠷᠢᠯ ᠬᠠᠢᠷ᠎ᠠ ᠪᠠᠨ ᠡᠷᠭᠦᠨ ᠮᠢᠯᠢᠶᠠᠭᠰᠠᠨ
ᠡᠭᠡᠰᠢᠭ ᠤᠶᠠᠬᠠᠨ ᠬᠣᠩᠬᠣᠨ ᠵᠢᠩᠭᠢᠨᠡᠭᠡᠨ ᠲᠡᠢ
ᠡᠷᠳᠡᠮ ᠦ᠋ᠨ ᠬᠠᠷᠭᠤᠢ ᠶ᠋ᠢ ᠡᠯᠭᠦᠨ ᠵᠠᠮᠨᠠᠭᠤᠯᠤᠭᠰᠠᠨ
ᠡᠵᠢ ᠶ᠋ᠢᠨ ᠬᠠᠯᠠᠭᠤᠬᠠᠨ ᠲᠣᠷᠭᠠᠨ ᠥᠯᠥᠭᠡᠢ
ᠠ ᠬᠠ ᠠ ᠬᠠ ᠬᠦ
ᠮᠥᠩᠬᠡ ᠶ᠋ᠢᠨ ᠬᠠᠢᠷᠠᠲᠠᠢ ᠰᠤᠷᠭᠠᠭᠤᠯᠢ ᠮᠢᠨᠢ
ᠮᠥᠷᠥᠭᠡᠳᠦᠯ ᠳᠤᠷᠠᠰᠤᠯ ᠤ᠋ᠨ ᠠᠩᠬᠢᠷᠬᠠᠨ ᠳᠡᠯᠡᠬᠡᠢ
ᠢᠨᠵᠠᠭᠠᠨ ᠬᠠᠢᠷ᠎ᠠ ᠪᠠᠷ ᠡᠨᠡᠷᠢᠨ ᠬᠥᠮᠦᠵᠢᠭᠦᠯᠦᠭᠰᠡᠨ
ᠢᠨᠢᠶᠡᠳᠦ ᠳᠦᠭᠦᠷᠡᠩ ᠡᠷᠲᠡ ᠶ᠋ᠢᠨ ᠨᠠᠷᠠ
ᠢᠲᠡᠭᠡᠯ ᠬᠦᠰᠡᠯ ᠢ᠋ ᠨᠠᠪᠴᠢᠨ ᠵᠢᠭᠦᠷᠯᠡᠭᠦᠯᠦᠭᠰᠡᠨ
ᠢᠷᠡᠬᠦ ᠮᠠᠷᠭᠠᠰᠢ ᠶ᠋ᠢᠨ ᠡᠩᠬᠡ ᠶ᠋ᠢᠨ ᠵᠤᠯᠠ
ᠠ ᠬᠠ ᠠ ᠬᠠ ᠬᠦ
ᠮᠥᠩᠬᠡ ᠶ᠋ᠢᠨ ᠬᠠᠢᠷᠠᠲᠠᠢ ᠰᠤᠷᠭᠠᠭᠤᠯᠢ ᠮᠢᠨᠢ
ᠮᠥᠷᠥᠭᠡᠳᠦᠯ ᠳᠤᠷᠠᠰᠤᠯ ᠤ᠋ᠨ ᠠᠩᠬᠢᠷᠬᠠᠨ ᠳᠡᠯᠡᠬᠡᠢ
ᠦᠰᠦᠭ ᠠᠮᠢᠯᠠᠭᠤᠯᠤᠭᠴᠢ᠄ ᠭᠡᠷᠡᠯ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠣ᠎ᠠ
