ᠢᠷᠭᠠᠤ ᠨᠠᠢᠷᠠᠭᠴᠢ ᠮ᠂ ᠴᠠᠳᠠᠨᠳᠣᠷᠵᠢ ᠳᠤ - ᠸᠠᠴᠢᠷᠪᠠᠲᠤ ᠶ᠋ᠢᠨ ᠳᠠᠰᠢᠪᠠᠯᠪᠠᠷ Яргуу найрагч М᠂ Цэдэндоржид - Очирбатын Дашбалбар
ᠢᠷᠭᠠᠤ ᠨᠠᠢᠷᠠᠭᠴᠢ ᠮ᠂ ᠴᠠᠳᠠᠨᠳᠣᠷᠵᠢ ᠳᠤ
ᠵᠣᠪᠠᠯᠠᠩ ᠳ᠋ᠠᠭᠠᠨ ᠲᠡᠭᠦᠷᠲᠦᠭᠡ ᠦᠭᠡᠢ ᠴᠦ᠍ ᠠᠷᠢᠬᠢᠨ ᠳ᠋ᠠᠭᠠᠨ ᠲᠡᠭᠦᠷᠲᠦᠵᠦ ᠰᠢᠨᠠᠯᠤᠭᠰᠠᠨ
ᠦᠰᠦ ᠰᠠᠭᠠᠯ ᠨᠢ ᠤᠷᠭᠤᠭᠰᠠᠨ ᠦᠭᠡ ᠳᠠᠭᠤ ᠴᠥᠭᠡᠨ ᠲᠡᠢ ᠡᠷ᠎ᠡ
ᠦᠶ᠎ᠡ ᠦᠶ᠎ᠡ ᠶᠡᠬᠡ ᠬᠣᠲᠠ ᠳ᠋ᠤ᠌ ᠮᠢᠨᠢ ᠠᠯᠬᠤᠯᠠᠵᠤ ᠪᠠᠷᠠᠭᠤᠨ ᠵᠦᠭ ᠡᠴᠡ ᠢᠷᠡᠳᠡᠭ ᠰᠠᠨ
ᠬᠡᠨ ᠨᠢᠭᠡ ᠰᠠᠢᠨ ᠰᠠᠨᠠᠭᠠᠲᠤ ᠨᠢ ᠬᠠᠯᠠᠭᠤᠨ ᠬᠣᠭᠣᠯᠠ ᠥᠭᠴᠦ ᠰᠢᠷ᠎ᠠ ᠶ᠋ᠢ ᠨᠢ ᠲᠠᠢᠯᠬᠤ ᠳ᠋ᠤ᠌
ᠬᠡᠯᠡ ᠶᠠᠷᠢᠶ᠎ᠠ ᠨᠢ ᠴᠡᠭᠴᠡᠷᠡᠵᠦ ᠢᠯᠳᠠᠮ ᠵᠥᠭᠡᠯᠡᠨ ᠪᠣᠯᠤᠭᠠᠳ
ᠠᠶᠠᠯᠭᠤ ᠲᠠᠩᠰᠤᠭ ᠨᠠᠢᠷᠠᠭ ᠠᠷᠠᠳ ᠤ᠋ᠨ ᠴᠡᠴᠡᠨ ᠤᠬᠠᠭᠠᠨ
ᠠᠶᠠᠨᠳᠠᠭᠠᠨ ᠲᠡᠭᠦᠨ ᠦ᠌ ᠴᠡᠭᠡᠵᠢᠨ ᠡᠴᠡ ᠣᠨᠳᠣᠷᠴᠤ ᠰᠣᠨᠣᠰᠤᠭᠰᠠᠨ ᠪᠦᠬᠦᠨ ᠪᠢᠰᠢᠷᠡᠨ᠎ᠡ
ᠶᠠᠪᠤᠭᠠᠳ ᠥᠭᠭᠦᠭᠰᠡᠨ ᠬᠣᠢᠨ᠎ᠠ ᠨᠢ ᠬᠡᠨ ᠬᠥᠮᠦᠨ ᠦᠭᠡᠢ ᠱᠠᠭᠰᠢᠵᠤ
ᠢᠷᠠᠭᠤ ᠨᠠᠢᠷᠠᠭᠴᠢ ᠲᠡᠭᠦᠨ ᠢ᠋《 ᠬᠡᠷᠡᠭ ᠲᠡᠢ ᠬᠥᠮᠦᠨ 》 ᠭᠡᠵᠦ ᠮᠠᠭᠲᠠᠨ᠎ᠠ
ᠦᠦᠷ ᠴᠠᠢᠲᠠᠯ᠎ᠠ ᠨᠥᠭᠥᠭᠡᠬᠢ ᠨᠢ ᠨᠣᠢᠷ ᠬᠠᠭᠠᠰᠯᠠᠨ ᠰᠠᠭᠤᠵᠤ
ᠦᠨᠡᠨ ᠲᠡᠦᠬᠡ ᠂ ᠭᠦᠨ ᠤᠬᠠᠭᠠᠨ ᠲᠤᠭᠤᠷᠪᠢᠵᠤ ᠨᠠᠷᠠ ᠶ᠋ᠢ ᠤᠭᠲᠤᠨ᠎ᠠ
ᠥᠷᠯᠥᠭᠡᠭᠦᠷ ᠵᠢᠭᠠᠬᠠᠨ ᠳᠤᠭᠭᠢᠵᠤ ᠦᠳᠡ ᠳᠤᠮᠳᠠ ᠬᠣᠲᠠ ᠣᠷᠣᠵᠤ ᠢᠷᠡᠨ᠎ᠡ
ᠥᠷᠪᠥᠢᠭᠰᠡᠨ ᠰᠢᠨᠠᠯᠤᠭᠰᠠᠨ ᠲᠡᠭᠦᠨ ᠢ᠋ ᠡᠮᠡᠰ ᠥᠬᠢᠳ ᠠᠲᠠᠯᠠᠨᠠ
ᠡᠷᠡᠭᠡ ᠦᠭᠡᠢ ᠪᠠᠶᠠᠴᠤᠤᠯ ᠳᠡᠭᠡᠷᠡᠩᠭᠦᠢ ᠬᠠᠷᠠᠴᠠ ᠪᠠᠷ ᠣᠯᠠᠨ ᠳ᠋ᠠᠭᠠᠨ ᠭᠢᠰᠬᠢᠵᠦ
ᠡᠷᠬᠢᠮᠰᠦᠭ ᠳᠡᠭᠡᠳᠦᠰ ᠳᠡᠷᠭᠡᠳᠡᠭᠦᠷ ᠨᠢ ᠰᠠᠯᠬᠢ ᠲᠠᠲᠠᠭᠤᠯᠤᠨ ᠥᠩᠭᠡᠷᠡᠨ᠎ᠡ
ᠲᠠᠩᠬᠠᠢ ᠪᠠᠨᠳᠢ ᠨᠠᠷ ᠴᠢᠯᠠᠭᠤ ᠰᠢᠳᠡᠵᠦ ᠳᠣᠭᠣᠭᠢᠯᠠᠨ᠎ᠠ
《ᠲᠠ ᠨᠠᠷ ᠬᠠᠷᠠᠮᠰᠠᠬᠤ ᠴᠠᠭ ᠢᠷᠡᠨ᠎ᠡ ᠳᠠ 》 ᠭᠡᠵᠦ ᠲᠡᠷᠡ ᠭᠤᠨᠢᠭᠯᠠᠨ᠎ᠠ
ᠡᠪᠦᠯ ᠦ᠋ᠨ ᠬᠦᠢᠲᠡᠨ ᠳ᠋ᠦ᠍ ᠵᠤᠨ ᠤ᠋ ᠬᠤᠪᠴᠠᠰᠤ ᠲᠠᠢ ᠱᠣᠭᠰᠢᠨ᠎ᠠ
ᠡᠳᠦᠷ ᠦ᠋ᠨ ᠤᠷᠲᠤ ᠳ᠋ᠤ᠌ ᠵᠦᠰᠦᠮ ᠲᠠᠯᠬ᠎ᠠ ᠬᠠᠷ᠎ᠠ ᠴᠠᠢ ᠲᠠᠢ ᠨᠥᠬᠥᠷᠯᠡᠨᠡ
ᠨᠠᠩᠴᠢᠳ ᠣᠯᠳᠠᠪᠠᠯ ᠬᠦᠷᠲᠡᠵᠦ ᠨᠠᠪᠰᠠᠢᠲᠠᠯᠠ ᠠᠷᠢᠬᠢᠳᠠᠵᠤ ᠵᠣᠪᠠᠯᠠᠩ ᠢ᠋ᠶ᠋ᠠᠨ ᠤᠮᠠᠷᠲᠠᠨᠠ
ᠨᠠᠷᠠᠨ ᠵᠢᠷᠭᠠᠬᠤ ᠳ᠋ᠤ᠌ ᠲᠣᠯᠣᠭᠠᠢᠲᠤ ᠳ᠋ᠠᠬᠢ ᠰᠢᠷ᠎ᠠ ᠪᠠᠢᠰᠢᠩ ᠳ᠋ᠠᠭᠠᠨ ᠣᠴᠢᠨ᠎ᠠ
ᠥᠷᠥᠭᠡ ᠳᠦᠭᠦᠷᠡᠩ ᠨᠣᠮ ᠢ᠋ᠶ᠋ᠠᠨ ᠤᠩᠰᠢᠵᠤ ᠥᠭᠡᠷ᠎ᠡ ᠨᠥᠬᠥᠷ ᠦᠭᠡᠢ ᠰᠡᠭᠦᠳᠡᠷ ᠲᠡᠢ ᠪᠡᠨ ᠭᠡᠶᠦᠷᠡᠨᠡ
ᠥᠷᠯᠥᠭᠡ ᠪᠣᠯᠲᠠᠯ᠎ᠠ ᠪᠠᠳᠠᠭ ᠱᠠᠳ ᠥᠷᠥᠵᠦ ᠰᠡᠳᠬᠢᠯ ᠢ᠋ᠶ᠋ᠡᠨ ᠠᠷᠢᠭᠤᠰᠬᠠᠨ᠎ᠠ
ᠣᠨ ᠵᠢᠯ ᠡᠢᠨ ᠥᠩᠭᠡᠷᠡᠭᠰᠡᠭᠡᠷ ᠰᠡᠳᠬᠢᠯ ᠦ᠋ᠨ ᠬᠤᠷ᠎ᠠ ᠪᠠᠷ ᠲᠡᠳᠬᠦᠭᠰᠡᠨ
ᠣᠨᠴᠠ ᠶ᠋ᠢᠨ ᠰᠠᠢᠬᠠᠨ ᠴᠡᠴᠡᠷᠯᠢᠭ ᠨᠣᠮ ᠤ᠋ᠳ ᠨᠢ ᠠᠮᠢᠯᠠᠨ ᠠᠬᠤᠢ ᠳ᠋ᠤ᠌
《ᠠᠮᠢᠨ ᠳ᠋ᠠᠭᠠᠨ ᠠᠷᠴᠢᠭᠠ ᠦᠭᠡᠢᠬᠡᠨ ᠶᠠᠪᠤᠭᠰᠠᠨ ᠨᠠᠮᠠᠶ᠋ᠢ ᠠᠭᠤᠴᠢᠯᠠᠭᠠᠷᠠᠢ
ᠠᠮᠢᠳᠤᠷᠠᠯ ᠮᠢᠨᠢ ᠲᠠ ᠨᠠᠮᠠᠶ᠋ᠢ ᠡᠢᠮᠦ ᠪᠣᠯᠭᠠᠭᠰᠠᠨ ᠴᠤ᠌ ᠪᠠᠶᠠᠷᠯᠠᠯ᠎ᠠ
᠁ ᠢᠩᠭᠢᠭᠡᠳ ᠪᠢ ᠦᠬᠦᠯ᠎ᠡ ᠁ ᠬᠡᠲᠦᠷᠬᠡᠢ ᠨᠣᠮᠣᠢ ᠶᠠᠪᠤᠭᠰᠠᠨ ᠢ᠋ ᠮᠢᠨᠢ ᠥᠷᠥᠰᠢᠶᠡ
ᠢᠨᠢᠶᠡᠬᠦ ᠮᠢᠨᠢ ᠴᠥᠭᠡᠷᠡᠭᠰᠡᠭᠡᠷ ᠭᠠᠪ ᠭᠠᠭᠴᠠᠭᠠᠷ ᠢ᠋ᠶ᠋ᠠᠨ ᠦᠯᠡᠲᠡᠯ᠎ᠡ ᠪᠢ
ᠣᠷᠣᠢ ᠶ᠋ᠢᠨ ᠨᠠᠷᠠᠨ ᠵᠢᠷᠭᠠᠯ᠎ᠠ ᠁ ᠣᠳᠣ ᠪᠣᠯᠤᠯ᠎ᠠ ᠨᠣᠮ ᠤ᠋ᠳ ᠮᠢᠨᠢ ᠪᠠᠶᠠᠷᠲᠠᠢ
ᠣᠷᠴᠢᠯᠠᠩ ᠲᠠᠢ ᠲᠣᠭᠠᠴᠠᠭ᠎ᠠ ᠳᠠᠭᠤᠰᠤᠭᠰᠠᠨ ᠭᠠᠭᠴᠠ ᠬᠤᠨᠳᠠᠭ᠎ᠠ ᠬᠥᠷᠲᠡᠶᠡ ! 》
ᠰᠢᠷᠦᠭᠦᠨ ᠬᠠᠲᠠᠭᠤ ᠴᠤ᠌ ᠭᠡᠰᠡᠨ ᠠᠮᠢᠳᠤᠷᠠᠯ ᠮᠢᠨᠢ ᠴᠢᠮᠠᠶ᠋ᠢ ᠬᠠᠢᠷᠠᠯᠠᠭᠰᠠᠨ ᠪᠢ
ᠰᠢᠨ᠎ᠡ ᠦᠶ᠎ᠡ ᠶ᠋ᠢᠨ ᠬᠢᠨ ᠳ᠋ᠦ᠍ ᠨᠣᠮ ᠢ᠋ ᠮᠢᠨᠢ ᠰᠢᠯᠦᠭ ᠢ᠋ ᠮᠢᠨᠢ ᠥᠭᠭᠦᠭᠡᠷᠡᠢ᠁
᠁ ᠳᠠᠭᠤᠰᠲᠠᠯ᠎ᠠ ᠤᠤᠭᠤᠭᠰᠠᠨ ᠬᠤᠨᠳᠠᠭᠠᠨ ᠳ᠋ᠤ᠌ ᠳᠤᠰᠤᠯ ᠨᠢᠯᠪᠤᠰᠤ ᠤᠨᠠᠯ᠎ᠠ
《ᠳᠤᠭᠤᠷ᠎ᠠ ᠥᠨᠳᠥᠷᠯᠡᠪᠡ 》 ᠭᠡᠵᠦ ᠥᠪᠡᠷ ᠲᠡᠭᠡᠨ ᠲᠡᠷᠡ ᠰᠢᠪᠡᠨᠡᠯ᠎ᠡ ᠁
