ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 13 Нэгэн ном тавцан үн өдөр үн тэмдэглэлээс – 13 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 13 Нэгэн ном тавцан үн өдөр үн тэмдэглэлээс – 13

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 13 Нэгэн ном тавцан үн өдөр үн тэмдэглэлээс – 13

2025-01-03

535



       ᠨᠢᠭᠡ ᠡᠳᠦᠷ ᠬᠣᠶᠠᠷ ᠨᠠᠢᠵᠠ ᠴᠣᠭ ᠡᠯᠡᠰᠦᠨ ᠴᠦᠯ ᠳ᠋ᠦ᠍ ᠶᠠᠪᠤᠵᠤ ᠪᠠᠢᠭᠰᠠᠨ ᠭᠡᠨ᠎ᠡ᠃ ᠲᠡᠭᠡᠭᠡᠳ ᠬᠣᠶᠠᠭᠤᠯᠠ ᠨᠢᠭᠡ ᠵᠢᠵᠢᠭ ᠤᠴᠢᠷ ᠠ᠋ᠴᠠ ᠪᠣᠯᠵᠤ ᠬᠡᠷᠡᠭᠦᠯ ᠬᠢᠭᠡᠳ ᠨᠢᠭᠡ ᠵᠠᠯᠠᠭᠤ ᠨᠢ ᠨᠥᠭᠥᠭᠡ ᠪᠡᠨ ᠠᠯᠠᠭᠠᠳᠠᠭᠰᠠᠨ ᠭᠡᠨ᠎ᠡ᠃ ᠠᠯᠠᠭᠠᠳᠠᠭᠤᠯᠤᠭᠰᠠᠨ ᠵᠠᠯᠠᠭᠤ ᠨᠢ ᠶᠡᠬᠡ ᠭᠣᠮᠣᠳᠠᠵᠤ ᠡᠯᠡᠰᠦᠨ ᠳᠡᠭᠡᠷ᠎ᠡ᠄ 《ᠥᠨᠥᠳᠥᠷ ᠮᠢᠨᠦ ᠨᠠᠢᠵᠠ ᠨᠠᠮ᠎ᠠ ᠶ᠋ᠢ ᠨᠢᠭᠡ ᠠᠯᠠᠭᠠᠳᠠᠪᠠ》 ᠭᠡᠵᠦ ᠪᠢᠴᠢᠭᠰᠡᠨ ᠭᠡᠨ᠎ᠡ᠃ ᠬᠣᠶᠠᠭᠤᠯᠠ ᠵᠠᠯᠭᠠᠭᠠᠳ ᠶᠠᠪᠤᠭᠰᠠᠭᠠᠷ ᠨᠢᠭᠡᠨ ᠪᠦᠷᠢᠳᠦ ᠳ᠋ᠦ᠍ ᠬᠦᠷᠴᠦ ᠤᠰᠤ ᠤᠤᠭᠤᠵᠤ ᠪᠠᠢᠲᠠᠯ᠎ᠠ ᠨᠥᠭᠥᠭᠡ ᠠᠯᠠᠭᠠᠳᠠᠭᠤᠯᠤᠭᠰᠠᠨ ᠵᠠᠯᠠᠭᠤ ᠨᠢ ᠤᠰᠤᠨ ᠳ᠋ᠤ᠌ ᠤᠨᠠᠬᠤ ᠭᠡᠲᠡᠯ᠎ᠡ ᠠᠯᠠᠭᠠᠳᠠᠭᠰᠠᠨ ᠵᠠᠯᠠᠭᠤ ᠨᠢ ᠲᠡᠭᠦᠨ ᠢ᠋ ᠠᠪᠤᠷᠠᠭᠰᠠᠨ ᠶᠤᠮ ᠪᠠᠢᠨ᠎ᠠ᠃ ᠡᠨᠡ ᠦᠶ᠎ᠡ ᠳ᠋ᠦ᠍ ᠨᠥᠭᠥᠭᠡ ᠵᠠᠯᠠᠭᠤ ᠨᠢ ᠬᠢᠲᠤᠭ᠎ᠠ ᠪᠠᠷ ᠢ᠋ᠶ᠋ᠠᠨ ᠬᠠᠳᠠᠨ ᠳᠡᠭᠡᠷ᠎ᠡ᠄《ᠥᠨᠥᠳᠥᠷ ᠮᠢᠨᠦ ᠨᠠᠢᠵᠠ ᠠᠮᠢ ᠶ᠋ᠢ ᠮᠢᠨᠢ ᠠᠪᠤᠷᠠᠭᠰᠠᠨ》 ᠭᠡᠵᠦ ᠪᠢᠴᠢᠭᠰᠡᠨ ᠪᠠᠢᠨ᠎ᠠ᠃ ᠡᠨᠡ ᠦᠶᠡᠰ ᠨᠠᠢᠵᠠ ᠨᠢ ᠶᠡᠬᠡ ᠭᠠᠢᠬᠠᠵᠤ᠄《ᠪᠢ ᠴᠢᠮ᠎ᠠ ᠶ᠋ᠢ ᠠᠯᠠᠭᠠᠳᠠᠭᠰᠠᠨ ᠦᠶᠡᠰ ᠴᠢ ᠡᠯᠡᠰᠦᠨ ᠳᠡᠭᠡᠷ᠎ᠡ ᠪᠢᠴᠢᠵᠦ᠂ ᠣᠳᠣ ᠶᠠᠭᠤᠨ ᠳ᠋ᠤ᠌ ᠬᠠᠳᠠᠨ ᠳᠡᠭᠡᠷ᠎ᠡ ᠰᠡᠢᠯᠵᠦ ᠪᠠᠢᠭ᠎ᠠ ᠪᠣᠢ?》 ᠭᠡᠵᠦ ᠠᠰᠠᠭᠤᠭᠰᠠᠨ ᠭᠡᠨ᠎ᠡ᠃  ᠨᠥᠭᠥᠭᠡ ᠵᠠᠯᠠᠭᠤ ᠢᠨᠢᠶᠡᠮᠰᠦᠭᠯᠡᠯ ᠲᠡᠢ ᠪᠡᠷ᠄《 ᠴᠢ ᠨᠠᠮ᠎ᠠ ᠶ᠋ᠢ ᠠᠯᠠᠭᠠᠳᠠᠭᠰᠠᠨ ᠢ᠋ ᠡᠯᠡᠰᠦᠨ ᠳᠡᠭᠡᠷ᠎ᠡ ᠪᠢᠴᠢᠭᠰᠡᠨ ᠨᠢ ᠰᠠᠯᠬᠢᠨ ᠳᠤᠮᠳᠠ ᠮᠠᠰᠢ ᠠᠮᠠᠷᠬᠠᠨ ᠪᠤᠯᠠᠭᠳᠠᠬᠤ ᠪᠣᠯᠤᠨ᠎ᠠ᠃ ᠲᠡᠭᠦᠨ ᠲᠡᠢ ᠠᠳᠠᠯᠢ ᠪᠠᠷ ᠬᠥᠮᠦᠨ ᠵᠠᠪᠠᠯ ᠥᠪᠡᠷ ᠦ᠋ᠨ ᠰᠡᠳᠬᠢᠯ ᠳᠤᠮᠳᠠᠬᠢ ᠬᠣᠷᠣᠰᠤᠯ ᠭᠣᠮᠣᠳᠠᠯ ᠢ᠋ᠶ᠋ᠠᠨ ᠮᠠᠷᠲᠠᠵᠤ ᠣᠷᠬᠢᠬᠤ ᠬᠡᠷᠡᠭᠲᠡᠢ᠃ ᠡᠰᠡᠷᠭᠦ ᠪᠡᠷ ᠪᠤᠰᠤᠳ ᠬᠥᠮᠦᠨ ᠴᠢᠮ᠎ᠠ ᠶ᠋ᠢ ᠬᠠᠮᠵᠢᠵᠤ ᠲᠤᠰᠠᠯᠠᠵᠤ ᠶᠠᠪᠤᠭᠰᠠᠨ ᠪᠣᠯ ᠡᠨᠡ ᠬᠦ᠌ ᠲᠠᠯᠠᠷᠬᠠᠭᠰᠠᠨ ᠰᠡᠳᠬᠢᠯ ᠢ᠋ᠶ᠋ᠡᠨ ᠥᠨᠢᠳᠡ ᠬᠠᠳᠠᠭᠠᠯᠠᠵᠤ ᠶᠠᠪᠤᠬᠤ ᠬᠡᠷᠡᠭᠲᠡᠢ᠃  ᠶᠠᠭ ᠯᠠ᠂ ᠬᠠᠳᠠᠨ ᠳ᠋ᠤ᠌ ᠰᠡᠢᠯᠦᠭᠰᠡᠨ ᠰᠢᠭ ᠶᠠᠮᠠᠷ ᠴᠣ ᠲᠣᠭᠰᠢᠨ ᠰᠠᠯᠬᠢ ᠰᠢᠷᠦᠭᠦᠨ ᠪᠣᠷᠣᠭᠠᠨ ᠲᠡᠭᠦᠨ ᠢ᠋ ᠪᠠᠯᠠᠯᠵᠤ ᠴᠢᠳᠠᠬᠤ ᠦᠭᠡᠢ ᠶᠦᠮ》 ᠭᠡᠵᠡᠢ᠃  

          ᠦᠰᠦᠭ ᠠᠮᠢᠯᠠᠭᠤᠯᠤᠭᠴᠢ᠄ ᠡᠩᠬᠡᠪᠠᠲᠤ 
               ᠦᠰᠦᠭ ᠬᠢᠨᠠᠭᠴᠢ᠄ ᠪᠠᠶᠠᠷᠴᠡᠴᠡᠭ