ᠬᠠᠰᠢᠷ ᠲᠤᠷᠰᠢᠯᠭ᠎ᠠ ᠦᠢᠯᠡᠳᠦᠯᠭᠡ ᠡᠴᠡ ᠬᠠᠳᠠᠨ ᠵᠣᠷᠢᠭ ᠬᠦᠰᠡᠯᠡᠩ ᠡᠴᠡ᠂ ᠰᠢᠨᠡᠬᠡᠨ ᠰᠠᠭᠠᠲᠠᠭᠰᠠᠨ ᠰᠢᠨ᠎ᠡ ᠣᠨ ᠤ᠋ ᠪᠣᠱᠣᠭᠠᠨ ᠳᠡᠭᠡᠷ᠎ᠡ — ᠪᠣᠷᠵᠢᠭᠢᠨ ᠡᠷᠳᠡᠨᠢᠴᠢᠮᠡᠭ
ᠠᠯᠳᠠᠵᠤ ᠤᠨᠤᠵᠤ ᠶᠠᠪᠤᠭᠰᠠᠨ ᠬᠣᠷᠢᠨ ᠳᠥᠷᠪᠡᠨ ᠣᠨ ᠪᠠᠶᠠᠷᠲᠠᠢ᠂
ᠠᠮᠢᠳᠤᠷᠠᠯ ᠠᠵᠢᠯ ᠬᠥᠮᠦᠨ ᠵᠤᠨ ᠤ᠋ ᠠᠮᠵᠢᠯᠲᠠ ᠠᠯᠳᠠᠭ᠎ᠠ ᠶ᠋ᠢ᠂
ᠠᠴᠢᠶᠠᠯᠠᠭᠰᠠᠨ ᠬᠠᠭᠤᠴᠢᠨ ᠣᠨ ᠢ᠋ᠶ᠋ᠠᠨ ᠥᠲᠡᠯ᠎ᠡ
ᠢᠲᠡᠭᠡᠯ ᠬᠦᠰᠡᠯ ᠪᠡᠶᠡᠯᠡᠬᠦ ᠢᠷᠡᠵᠦ ᠪᠣᠢ ᠰᠢᠨ᠎ᠡ ᠣᠨ ᠤᠶᠠᠭᠠᠨ ᠳᠡᠭᠡᠷ᠎ᠡ ᠮᠢᠨᠢ ᠠᠮᠤᠭᠤᠯᠠᠩ ᠰᠠᠭᠠᠲᠠᠯ᠎ᠠ᠂
ᠪᠦᠬᠦ ᠳᠡᠯᠡᠬᠡᠢ ᠶ᠋ᠢᠨ ᠬᠥᠬᠡ ᠲᠣᠯᠪᠣᠲᠤ ᠶ᠋ᠢᠨ
ᠪᠦᠯᠬᠦᠮᠳᠡᠯ ᠦ᠋ᠨ ᠰᠦᠷ ᠬᠦᠴᠦᠨ ᠭᠠᠢᠬᠠᠮᠰᠢᠭ⁈
ᠪᠦᠬᠦᠨ ᠳ᠋ᠦ᠍ ᠮᠡᠳᠡᠷᠡᠭᠳᠡᠭᠰᠡᠨ ᠨᠢᠭᠡᠨ ᠰᠠᠢᠬᠠᠨ ᠬᠤᠪᠢᠰᠬᠠᠯ ᠤ᠋ᠨ ᠥᠷᠨᠢᠯᠲᠡ᠂
ᠪᠣᠷᠣ ᠵᠢᠷᠦᠬᠡ ᠶ᠋ᠢ ᠳᠣᠭᠳᠣᠯᠤᠭᠤᠯᠤᠭᠰᠠᠨ ᠰᠦᠷ ᠳᠠᠯᠠᠢᠴᠠᠲᠠᠢ ᠬᠥᠳᠡᠯᠭᠡᠭᠡᠨ᠂
(ᠰᠦᠨ ᠰᠠᠴᠤᠯᠢ) ᠴᠤᠭᠯᠠᠷᠠᠯ (ᠬᠡᠢᠮᠣᠷᠢ ᠰᠦᠯᠵᠢᠶ᠎ᠡ) ᠶ᠋ᠢ ᠲᠦᠭᠡᠭᠡᠨ ᠳᠡᠯᠭᠡᠷᠡᠭᠦᠯᠵᠦ ᠡᠬᠢᠯᠡᠭᠰᠡᠨ ᠴᠠᠭ ᠬᠤᠭᠤᠴᠠᠭ᠎ᠠ ᠬᠣᠶᠠᠷ ᠮᠢᠩᠭ᠎ᠠ ᠬᠣᠷᠢᠨ ᠳᠥᠷᠪᠡᠨ ᠣᠨ ᠤ᠋ ᠳᠣᠯᠣᠭᠠᠨ ᠰᠠᠷ᠎ᠠ ᠠ᠋ᠴᠠ ᠡᠬᠢᠯᠡᠵᠦ ᠶᠠᠪᠤᠭᠳᠠᠵᠤ᠂ ᠨᠠᠶᠠᠨ ᠬᠡᠳᠦᠨ ᠴᠤᠭᠯᠠᠷᠠᠯ ᠳ᠋ᠤ᠌ ᠬᠥᠮᠦᠨ ᠦ᠌ ᠲᠣᠭ᠎ᠠ ᠭᠤᠷᠪᠠᠨ ᠲᠦᠮᠡ ᠵᠢᠷᠭᠤᠭᠠᠨ ᠮᠢᠩᠭ᠎ᠠ ᠭᠠᠷᠤᠢ ᠳ᠋ᠤ᠌ ᠬᠦᠷᠦᠭᠰᠡᠨ ᠪᠠᠢᠨ᠎ᠠ᠃
ᠢᠨᠢᠶᠡᠵᠦ ᠤᠬᠢᠯᠠᠵᠤ ᠶᠠᠪᠤᠭᠰᠠᠨ ᠣᠨ ᠴᠠᠭ ᠤ᠋ᠨ ᠨᠤᠭᠤᠴᠠᠭᠠᠨ ᠳ᠋ᠤ᠌ ᠡᠨᠡᠬᠦ ᠦᠢᠯᠡᠳᠦᠯᠭᠡ ᠨᠢ ᠭᠠᠢᠬᠠᠮᠰᠢᠭ ᠲᠠᠢ ᠪᠠᠶᠠᠷᠯᠠᠭᠤᠰᠢᠲᠠᠢ᠃
ᠠᠷᠢᠭᠤᠨ ᠴᠠᠭᠠᠨ ᠰᠦ ᠪᠡᠨ ᠠᠯᠲᠠᠨ ᠳᠡᠯᠡᠬᠡᠢ ᠳ᠋ᠦ᠍ ᠰᠠᠴᠤᠵᠤ
ᠠᠷᠤ ᠳ᠋ᠤ᠌ ᠬᠣᠴᠣᠷᠬᠤ ᠦᠷ᠎ᠡ ᠬᠣᠢᠴᠢᠰ ᠲᠠᠭᠠᠨ ᠦᠯᠡᠳᠡᠭᠡᠬᠦ ᠥᠪ ᠡᠷᠳᠡᠨᠢᠰ ᠲᠡᠢ᠃
ᠰᠠᠨᠠᠭᠰᠠᠨ ᠦᠢᠯᠡᠰ ᠮᠢᠨᠢ ᠰᠡᠳᠬᠢᠯ ᠦ᠋ᠨ ᠨᠠᠷᠠ ᠲᠠᠢ ᠵᠢᠳᠬᠦᠯ ᠦ᠋ᠨ ᠮᠥᠷ ᠲᠡᠢ ᠦᠯᠡᠳᠡᠭ᠃
ᠰᠠᠷᠠᠭᠤᠯ ᠤᠬᠠᠭᠠᠨ ᠲᠠᠢ ᠮᠣᠩᠭᠣᠯ ᠤ᠋ᠨ ᠦᠷ᠎ᠡ ᠬᠡᠦᠬᠡᠳ ᠮᠢᠨᠢ ᠭᠡᠭᠡᠯᠢᠭ ᠶᠠᠪᠤᠭ᠃
ᠬᠡᠢᠮᠣᠷᠢ ᠰᠦᠯᠵᠢᠶ᠎ᠡ ᠭᠡᠪᠡᠯ ᠬᠣᠷᠸ᠎ᠠ ᠳ᠋ᠤ᠌ ᠮᠡᠳᠡᠬᠦ ᠦᠭᠡᠢ ᠬᠥᠮᠦᠨ ᠠᠯᠠᠭ᠎ᠠ
ᠬᠣᠪᠢᠨ ᠤ᠋ ᠴᠢᠨᠢ ᠥᠮᠴᠢ ᠶᠦ᠍ᠮ ᠰᠢᠦ ᠭᠡᠵᠦ ᠪᠤᠭᠤᠷᠤᠯᠴᠤᠳ ᠮᠢᠨᠢ ᠰᠤᠷᠭᠠᠳᠠᠭ!
ᠬᠤᠪᠢᠶᠠᠯᠴᠠᠵᠤ ᠲᠦᠷᠭᠡᠨ ᠮᠡᠳᠡᠭᠦᠯᠦᠶ᠎ᠡ ᠭᠡᠵᠦ ᠭᠠᠪᠰᠢᠭᠠᠢᠯᠠᠭᠴᠢ ᠨᠠᠷ ᠮᠢᠨᠢ ᠰᠠᠨᠠᠭᠤᠯᠳᠠᠭ!
ᠬᠣᠷᠸ᠎ᠠ ᠶᠢᠷᠲᠢᠨᠴᠦ ᠠᠭᠤᠳᠠᠮ ᠴᠤ᠌ ᠬᠣᠪᠣᠷᠬᠠᠨ ᠣᠯᠳᠠᠬᠤ ᠨᠢ
ᠥᠪᠡᠷ ᠦ᠋ᠨ ᠦᠨᠳᠦᠰᠦᠲᠡᠨ ᠦ᠌ ᠴᠢᠨᠢ ᠦᠭᠡ ᠬᠡᠯᠡ ᠦᠰᠦᠭ ᠪᠢᠴᠢᠭ ᠰᠢᠦ ᠭᠡᠵᠦ
ᠡᠪᠦᠭᠡᠳ ᠨᠠᠰᠤᠲᠠᠳ ᠮᠢᠨᠢ ᠰᠡᠴᠡᠯᠡᠳᠡᠭ!
ᠥᠩᠭᠡᠷᠡᠭᠰᠡᠨ ᠣᠨ ᠳ᠋ᠤ᠌ ᠤᠬᠢᠯᠠᠵᠤ ᠶᠠᠪᠤᠭᠰᠠᠨ ᠠᠷᠪᠠᠨ ᠡᠳᠦᠷ ᠪᠠᠢᠬᠤ ᠳ᠋ᠤ᠌
ᠢᠨᠢᠶᠡᠵᠦ ᠶᠠᠪᠤᠭᠰᠠᠨ ᠨᠢ ᠵᠠᠭᠤᠨ ᠳᠠᠬᠢᠨ ᠢᠯᠡᠭᠦᠦ ᠲᠡᠢ ᠡᠴᠡ ᠢᠯᠡᠭᠦᠦ ᠲᠡᠢ᠂
ᠥᠷᠥᠭᠡᠯ ᠦ᠋ᠨ ᠬᠠᠷ᠎ᠠ ᠴᠠᠭᠠᠨ ᠠᠮᠠᠨ ᠳ᠋ᠤ᠌ ᠢᠷᠥᠭᠡᠭᠳᠡᠵᠦ ᠶᠠᠪᠤᠭᠰᠠᠨ ᠡᠳᠦᠷ ᠴᠦ᠍ ᠪᠣᠢ
ᠡᠯᠳᠡᠪ ᠵᠦᠢᠯ ᠦ᠋ᠨ ᠦᠯᠢᠭᠡᠷ ᠲᠡᠢ ᠬᠠᠷᠢᠶᠠᠭᠳᠠᠵᠤ ᠶᠠᠪᠤᠭᠰᠠᠨ ᠰᠥᠨᠢ ᠴᠤ᠌ ᠪᠣᠢ⁈
ᠪᠠᠷᠪᠠᠭᠠᠷ ᠬᠠᠷ᠎ᠠ ᠤᠷᠲᠤ ᠰᠥᠨᠢ ᠵᠡᠭᠦᠳᠦ ᠮᠡᠲᠦ ᠬᠠᠭᠤᠴᠢᠨ ᠲᠣᠭᠣᠰᠣ ᠪᠣᠯᠤᠨ ᠬᠣᠴᠣᠷᠪᠠ
(ᠡᠷᠭᠢᠵᠦ ᠢᠷᠡᠬᠦ ᠦᠭᠡᠢ ᠲᠡᠦᠬᠡ ᠪᠣᠯᠤᠨ ᠲᠡᠮᠳᠡᠭᠯᠡᠭᠳᠡᠵᠦ ᠦᠯᠡᠳᠡᠭᠰᠡᠨ ᠬᠠᠭᠤᠴᠢᠨ ᠣᠨ ᠮᠢᠨᠢ ᠴᠢᠮᠡᠭᠡ ᠦᠭᠡᠢᠬᠡᠨ ᠠᠶᠠᠷᠯᠠᠯ᠎ᠠ᠃)
ᠲᠩᠷᠢᠯᠢᠭ ᠵᠠᠶᠠᠭᠠᠲᠠᠢ ᠮᠢᠨᠦ ᠦᠨᠳᠦᠰᠦᠲᠡᠨ ᠮᠢᠨᠢ ᠡᠷᠡᠭᠦᠯ ᠡᠩᠬᠡ ᠪᠠᠢᠭᠠᠰᠠᠢ!
ᠳᠡᠭᠡᠳᠦ ᠡᠵᠡᠨ ᠴᠢᠩᠭᠢᠰ ᠪᠣᠭᠳᠠ ᠶ᠋ᠢᠨ ᠮᠢᠨᠢ ᠭᠡᠭᠡᠨ ᠰᠦᠨᠡᠰᠦ ᠢᠪᠡᠭᠡᠬᠦ ᠪᠣᠯᠲᠤᠭᠠᠢ!
ᠪᠠᠶᠠᠷᠲᠠᠢ ᠢᠨᠢᠶᠡᠭᠰᠡᠨ ᠮᠣᠩᠭᠣᠯ ᠴᠢᠷᠠᠢ ᠠ᠋ᠴᠠ ᠦᠨᠡᠨ ᠢ᠋ ᠣᠯᠵᠤ ᠨᠥᠬᠥᠷᠯᠡ!
ᠪᠢᠯᠳᠠᠤᠴᠢ ᠵᠢᠰᠤᠷ ᠵᠠᠯᠢᠬᠠᠢ ᠠ᠋ᠴᠠ ᠵᠠᠢ ᠪᠠᠨ ᠪᠠᠷᠢᠵᠤ ᠶᠠᠪᠤ!
ᠪᠠᠭᠠᠲᠤᠷ ᠵᠣᠷᠢᠭ ᠢ᠋ ᠡᠪᠦᠷᠯᠡᠵᠦ, ᠪᠡᠶ᠎ᠡ ᠳ᠋ᠡᠭᠡᠨ ᠢᠲᠡᠭᠡᠯ ᠲᠡᠢ ᠣᠷᠣᠭᠰᠢ ᠵᠢᠳᠬᠦ!
ᠪᠠᠶᠠᠯᠢᠭ ᠲᠠᠩᠰᠤᠭ ᠬᠡᠰᠢᠭ ᠪᠤᠶᠠᠨ ᠬᠤᠷᠤᠢᠯᠠᠭᠰᠠᠨ ᠰᠢᠨ᠎ᠡ ᠣᠨ ᠳ᠋ᠤ᠌ ᠪᠠᠨ
ᠰᠠᠨᠠᠭᠰᠠᠨ ᠦᠢᠯᠡᠰ ᠴᠢᠨᠢ ᠰᠡᠳᠬᠢᠯᠴᠢᠯᠡᠨ ᠪᠦᠲᠦᠬᠦ ᠪᠣᠯᠲᠤᠭᠠᠢ!
ᠰᠠᠢᠨ ᠰᠠᠢᠬᠠᠨ ᠤ᠋ ᠭᠡᠭᠡᠨ ᠬᠦᠰᠡᠯ ᠲᠠᠨᠢ ᠪᠡᠶᠡᠯᠡᠭᠳᠡᠬᠦ ᠪᠣᠯᠲᠤᠭᠠᠢ!
ᠰᠠᠨᠰᠠᠷ ᠤ᠋ᠨ ᠣᠳᠣᠳ ᠤ᠋ᠨ ᠲᠣᠭ᠎ᠠ ᠪᠠᠷ ᠰᠠᠪᠠ ᠳᠦᠭᠦᠷᠡᠩ ᠰᠦ ᠮᠡᠯᠮᠡᠯᠵᠡᠭᠡᠰᠡᠢ!
ᠰᠠᠷᠠᠭᠤᠯ ᠤᠬᠠᠭᠠᠨ ᠲᠠᠢ ᠮᠣᠩᠭᠣᠯ ᠲᠦᠮᠡᠨ ᠮᠢᠨᠢ ᠤᠷᠲᠤ ᠨᠠᠰᠤᠯᠠᠵᠤ ᠤᠳᠠᠭᠠᠨ ᠵᠢᠷᠭᠠᠭᠠᠷᠠᠢ!
ᠬᠤᠷᠤᠢ ᠬᠤᠷᠤᠢ ᠬᠤᠷᠤᠢ!
ᠬᠣᠶᠠᠷ ᠮᠢᠩᠭ᠎ᠠ ᠬᠣᠷᠢᠨ ᠲᠠᠪᠤ ᠣᠨ ᠤ᠋ ᠨᠢᠭᠡᠳᠦᠭᠡᠷ ᠰᠠᠷ᠎ᠠ ᠶ᠋ᠢᠨ ᠰᠢᠨ᠎ᠡ ᠶ᠋ᠢᠨ ᠨᠢᠭᠡᠨ
ᠣᠨ ᠲᠣᠭᠠᠯᠠᠯ ᠤ᠋ᠨ ᠬᠥᠬᠡ ᠯᠤᠤ ᠵᠢᠯ ᠦ᠋ᠨ ᠠᠷᠪᠠᠨ ᠬᠣᠶᠠᠷ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠡᠳᠦᠷ
ᠤᠯᠠᠭᠴᠢᠨ ᠦᠬᠡᠷ ᠰᠠᠷ᠎ᠠ᠃(ᠴᠠᠭᠠᠨ ᠮᠣᠷᠢ ᠡᠳᠦᠷ) ᠪᠣᠳᠢ ᠭᠠᠷᠠᠭ(ᠭᠠᠷᠠᠭ ᠤ᠋ᠨ ᠭᠤᠷᠪᠠᠨ) ᠠᠵᠠ ᠶ᠋ᠢᠨ ᠬᠣᠷᠸ᠎ᠠ ᠰᠢᠯᠢ ᠶ᠋ᠢᠨ ᠬᠣᠲᠠᠨ᠎ᠠ ᠪᠢᠴᠢᠪᠡ᠃
ᠦᠰᠦᠭ ᠠᠮᠢᠯᠠᠭᠤᠯᠤᠭᠴᠢ᠄ ᠰ ᠳᠣᠷᠣᠨ᠎ᠠ
ᠬᠢᠨᠠᠭᠴᠢ᠄ ᠪᠣᠷᠵᠢᠭᠢᠨ ᠡᠷᠳᠡᠨᠢᠴᠢᠮᠡᠭ
