ᠭᠢᠰᠢᠭᠦᠨ᠎ᠡГишүүнэ
ᠭᠢᠰᠢᠭᠦᠨ᠎ᠡ
ᠲᠤᠰ ᠡᠮ ᠪᠣᠯ ᠰᠢᠮᠡᠯᠳᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠠᠯᠠᠭᠠᠯᠢᠭ ᠭᠢᠰᠢᠭᠦᠨ᠎ᠡ᠂ ᠲᠠᠩᠭᠤᠳ ᠭᠢᠰᠢᠭᠦᠨ᠎ᠡ ᠪᠠ ᠡᠮ ᠦ᠋ᠨ ᠭᠢᠰᠢᠭᠦᠨ᠎ᠡ ᠶ᠋ᠢᠨ ᠬᠠᠲᠠᠭᠠᠭᠰᠠᠨ ᠦᠨᠳᠦᠰᠦ ᠮᠥᠨ᠃ ᠪᠠᠰᠠ ᠵᠦᠮᠽᠸᠠ᠂ ᠰᠢᠮᠰᠢᠩ ᠭᠡᠳᠡᠭ᠃
[ ᠤᠤᠯ ᠤᠷᠭᠤᠮᠠᠯ] 1. ᠠᠯᠠᠭᠠᠯᠢᠭ ᠭᠢᠰᠢᠭᠦᠨ᠎ᠡ ᠣᠯᠠᠨ ᠨᠠᠰᠤᠲᠤ ᠡᠪᠡᠰᠦᠯᠢᠭ ᠤᠷᠭᠤᠮᠠᠯ᠃ 2m ᠣᠷᠴᠢᠮ ᠥᠨᠳᠥᠷ᠂ ᠦᠨᠳᠦᠰᠦᠯᠢᠭ ᠡᠰᠢ ᠪᠣᠯᠤᠨ ᠦᠨᠳᠦᠰᠦ ᠨᠢ ᠰᠢᠷᠠᠩᠭᠤᠢ ᠬᠦᠷᠡᠩ᠃ ᠢᠵᠠᠭᠤᠷ ᠤ᠋ᠨ ᠨᠠᠪᠴᠢ ᠨᠢ ᠥᠷᠭᠡᠨ ᠥᠨᠳᠡᠭᠡᠯᠵᠢᠨ ᠪᠤᠶᠤ ᠲᠣᠭᠣᠷᠢᠭ ᠰᠢᠭ᠋᠃ ᠠᠯᠠᠭᠠᠯᠢᠭ ᠬᠠᠭᠠᠰ ᠣᠨᠢ ᠲᠠᠢ᠃ ᠰᠡᠵᠢᠭᠦᠷ ᠢᠯᠲᠠᠰᠤ ᠨᠢ3—7. ᠥᠪᠥᠷ ᠲᠤᠨᠢ ᠬᠥᠬᠥᠨᠴᠢᠷ ᠮᠠᠶᠢᠭ ᠤ᠋ᠨ ᠵᠢᠵᠢᠭ ᠭᠦᠳᠦᠭᠦᠷ ᠦ᠋ᠳ ᠲᠡᠢ᠃ ᠠᠷᠤ ᠳ᠋ᠤᠨᠢ ᠵᠥᠭᠡᠯᠡᠨ ᠦᠰᠦ ᠲᠡᠢ᠃ ᠡᠰᠢᠨ ᠳ᠋ᠡᠬᠢ ᠨᠠᠪᠴᠢ ᠨᠢ ᠨᠡᠯᠢᠶᠡᠳ ᠵᠢᠵᠢᠭ᠃ ᠲᠣᠭᠳᠣᠢ ᠰᠢᠭ᠋ ᠲᠣᠰᠬᠣᠭᠤᠷ ᠨᠠᠪᠴᠢ ᠲᠠᠢ ᠱᠣᠷᠣᠯᠵᠢᠨ ᠬᠡᠯᠪᠡᠷᠢᠲᠦ ᠪᠠᠭ ᠴᠡᠴᠡᠭ ᠦ᠋ᠨ ᠰᠠᠯᠠᠭ᠎ᠠ ᠨᠢ ᠮᠤᠷᠤᠢ᠂ ᠣᠬᠣᠷ ᠦᠰᠦ ᠲᠡᠢ᠃ ᠴᠡᠴᠡᠭ ᠨᠢ ᠬᠡᠳᠦᠨ ᠬᠦᠢᠰ ᠢ᠋ᠶ᠋ᠡᠷ ᠪᠠᠭᠯᠠᠷᠠᠨ ᠳᠡᠯᠭᠡᠷᠡᠨ᠎ᠡ᠃ ᠴᠡᠴᠡᠭ ᠦ᠋ᠨ ᠴᠣᠮᠣᠷᠯᠢᠭ ᠨᠢ ᠲᠣᠩᠭᠣᠷᠤᠤ ᠱᠣᠪᠬᠣ ᠰᠤᠪᠤᠷᠭ᠎ᠠ ᠰᠢᠭ᠋ ᠬᠡᠯᠪᠡᠷᠢ ᠲᠡᠢ᠂ ᠪᠣᠷᠣᠪᠲᠤᠷ ᠤᠯᠠᠭᠠᠨ ᠪᠤᠶᠤ ᠲᠤᠶᠠᠭ᠎ᠠ ᠲᠠᠲᠠᠭᠰᠠᠨ ᠴᠡᠴᠡᠭ ᠲᠡᠢ᠃ ᠴᠡᠴᠡᠭ ᠦ᠋ᠨ ᠪᠠᠷᠢᠭᠤᠯ ᠤ᠋ᠨ ᠳᠤᠮᠳᠠ ᠠ᠋ᠴᠠ ᠳᠣᠣᠷ᠎ᠠ ᠬᠡᠰᠡᠭ ᠲᠦ᠍ ᠦᠶ᠎ᠡ ᠲᠡᠢ᠃9 ᠡᠷ᠎ᠡ ᠲᠣᠭᠣᠷᠴᠣᠭ ᠲᠠᠢ᠂ 3 ᠴᠡᠴᠡᠭ ᠦ᠋ᠨ ᠪᠠᠭᠠᠨ᠎ᠠ ᠲᠠᠢ᠂ ᠲᠤᠷᠠᠩᠬᠠᠢ ᠵᠢᠮᠢᠰ ᠨᠢ3 ᠢᠷᠮᠡᠭ ᠲᠡᠢ᠂ ᠳᠠᠯᠠᠪᠴᠢ ᠨᠢ ᠤᠯᠠᠪᠤᠷ᠃ 6—7 ᠰᠠᠷ᠎ᠠ ᠳ᠋ᠤᠭᠠᠷ ᠰᠠᠷ᠎ᠠ ᠳ᠋ᠤ᠌ ᠴᠡᠴᠡᠭᠯᠡᠵᠦ᠂ 7—8 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
2. ᠲᠠᠩᠭᠤᠳ ᠭᠢᠰᠢᠭᠦᠨ᠎ᠡ ᠠᠯᠠᠭᠠᠯᠢᠭ ᠭᠢᠰᠢᠭᠦᠨ᠎ᠡ ᠡᠴᠡ ᠢᠯᠭᠠᠭᠳᠠᠬᠤ ᠣᠨᠴᠠᠯᠢᠭ ᠨᠢ ᠡᠰᠢᠨ ᠳᠡᠭᠡᠷ᠎ᠡ ᠨᠢ ᠦᠰᠦ ᠦᠭᠡᠢ᠃ ᠢᠵᠠᠭᠤᠷ ᠤ᠋ᠨ ᠨᠠᠪᠴᠢ ᠨᠢ ᠲᠣᠭᠣᠷᠢᠭ ᠰᠢᠭ᠋ ᠪᠤᠶᠤ ᠥᠷᠭᠡᠨ ᠵᠢᠷᠦᠬᠡᠨ ᠬᠡᠯᠪᠡᠷᠢ ᠲᠡᠢ᠂3—7 ᠠᠯᠠᠭᠠᠯᠢᠭ ᠭᠦᠨ ᠣᠨᠢ ᠲᠠᠢ᠂ ᠬᠠᠮᠤᠭ ᠰᠡᠭᠦᠯᠴᠢ ᠶ᠋ᠢᠨ ᠰᠡᠵᠢᠭᠦᠷ ᠢᠯᠲᠠᠰᠤ ᠨᠢ ᠨᠠᠷᠢᠨ ᠬᠠᠪᠲᠠᠭᠠᠢ ᠲᠡᠪᠡᠨᠡ ᠬᠡᠯᠪᠡᠷᠢ ᠡᠴᠡ ᠪᠦᠰᠡ ᠬᠡᠯᠪᠡᠷᠢ ᠲᠡᠢ ᠪᠣᠯᠳᠠᠭ᠂ ᠱᠣᠪᠬᠣ ᠦᠵᠦᠭᠦᠷ ᠲᠡᠢ᠂ ᠵᠢᠷᠦᠬᠡᠨ ᠬᠡᠯᠪᠡᠷᠢᠲᠦ ᠤᠭ ᠲᠠᠢ᠃ ᠰᠠᠯᠠᠭ᠎ᠠ ᠨᠢ ᠨᠢᠭᠲᠠ᠂ ᠴᠡᠴᠡᠭ ᠨᠢ ᠨᠡᠯᠢᠶᠡᠳ ᠤᠷᠲᠤ ᠪᠠᠷᠢᠭᠤᠯ ᠲᠠᠢ᠃ 9 ᠡᠷ᠎ᠡ ᠲᠣᠭᠣᠷᠴᠣᠭ ᠲᠠᠢ᠂ ᠤᠮᠠᠢ ᠨᠢ ᠭᠤᠷᠪᠠᠯᠵᠢᠨ᠂ ᠲᠤᠷᠠᠩᠬᠠᠢ ᠵᠢᠮᠢᠰ ᠨᠢ ᠳᠠᠯᠠᠪᠴᠢ ᠲᠠᠢ᠃6—7 ᠳ᠋ᠤᠭᠠᠷ ᠰᠠᠷ᠎ᠠ ᠳ᠋ᠤ᠌ ᠴᠡᠴᠡᠭᠯᠡᠵᠦ᠂7—9 ᠰᠠᠷ᠎ᠠ ᠳ᠋ᠤ᠌ ᠵᠢᠮᠢᠰᠯᠡᠨ᠎ᠡ᠃
3. ᠡᠮ ᠦ᠋ᠨ ᠭᠢᠰᠢᠭᠦᠨ᠎ᠡ ᠠᠯᠠᠭᠠᠯᠢᠭ ᠭᠢᠰᠢᠭᠦᠨ᠎ᠡ ᠡᠴᠡ ᠢᠯᠭᠠᠭᠳᠠᠬᠤ ᠣᠨᠴᠠᠯᠢᠭ ᠨᠢ ᠡᠰᠢᠨ ᠳᠡᠭᠡᠷ᠎ᠡ ᠨᠢ ᠲᠠᠷᠠᠮᠠᠭ ᠣᠬᠣᠷ ᠵᠥᠭᠡᠯᠡᠨ ᠦᠰᠦ ᠲᠡᠢ᠂ ᠢᠵᠠᠭᠤᠷ ᠤ᠋ᠨ ᠨᠠᠪᠴᠢ ᠨᠢ ᠲᠣᠭᠣᠷᠢᠭ ᠪᠤᠶᠤ ᠥᠨᠳᠡᠭᠡᠯᠵᠢᠨ ᠲᠣᠭᠣᠷᠢᠭ ᠬᠡᠯᠪᠡᠷᠢ ᠲᠡᠢ᠂ ᠠᠯᠠᠭᠠᠯᠢᠭ ᠭᠦᠢᠬᠡᠨ ᠣᠨᠢ ᠲᠠᠢ᠂ ᠰᠡᠵᠢᠭᠦᠷ ᠢᠯᠲᠠᠰᠤ ᠨᠢ ᠲᠣᠮᠣ ᠰᠢᠳᠦ ᠰᠢᠭ ᠪᠤᠶᠤ ᠥᠷᠭᠡᠨ ᠭᠤᠷᠪᠠᠯᠵᠢᠨ ᠬᠡᠯᠪᠡᠷᠢ ᠲᠡᠢ᠂ ᠨᠠᠪᠴᠢᠨ ᠰᠤᠳᠠᠯ ᠣᠢᠷᠠᠯᠴᠠᠭ᠎ᠠ ᠨᠢ ᠵᠢᠵᠢᠭ ᠬᠥᠬᠥᠨᠴᠢᠷ ᠳᠣᠪᠣᠭᠣᠷ ᠲᠠᠢ᠃ ᠱᠣᠷᠣᠯᠵᠢᠨ ᠪᠠᠭ ᠴᠡᠴᠡᠭ ᠦ᠋ᠨ ᠰᠠᠯᠠᠭ᠎ᠠ ᠨᠢ ᠰᠠᠷᠪᠠᠭᠠᠷ᠂ ᠴᠡᠴᠡᠭ ᠦ᠋ᠨ ᠴᠣᠮᠣᠷᠯᠢᠭ ᠨᠢ ᠵᠤᠤᠪᠠᠩ ᠬᠡᠯᠪᠡᠷᠢ ᠲᠡᠢ᠂ ᠴᠡᠴᠡᠭ ᠦ᠋ᠨ ᠰᠢᠳᠠᠷ ᠨᠢ ᠰᠢᠷᠠᠩᠭᠤᠢ ᠴᠠᠭᠠᠨ᠃ ᠵᠢᠮᠢᠰ ᠦ᠋ᠨ ᠮᠥᠴᠢᠷ ᠨᠢ ᠰᠠᠷᠪᠠᠭᠠᠷ᠂ ᠲᠤᠷᠠᠩᠬᠠᠢ ᠵᠢᠮᠢᠰ ᠨᠢ ᠤᠯᠠᠭᠠᠨ᠃6—7 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠯᠠᠭᠠᠯᠢᠭ ᠭᠢᠰᠢᠭᠦᠨ᠎ᠡ ᠪᠣᠯ ᠣᠢ ᠶ᠋ᠢᠨ ᠬᠥᠪᠡᠭᠡ᠂ ᠡᠪᠡᠰᠦᠲᠦ ᠬᠠᠵᠠᠭᠤ ᠪᠠᠷ ᠤᠷᠭᠤᠨ᠎ᠠ᠃ ᠱᠠᠨᠰᠢ᠂ ᠭᠠᠨᠰᠦ᠂ ᠬᠥᠬᠡᠨᠠᠭᠤᠷ᠂ ᠰᠧᠴᠤᠸᠠᠨ᠂ ᠶᠦᠨᠨᠠᠨ ᠬᠢᠭᠡᠳ ᠲᠥᠪᠡᠳ ᠲᠦ᠍ ᠲᠠᠷᠬᠠᠴᠠ ᠲᠠᠢ᠃ ᠲᠠᠩᠭᠤᠳ ᠭᠢᠰᠢᠭᠦᠨ᠎ᠡ ᠪᠣᠯ ᠣᠢ ᠶ᠋ᠢᠨ ᠬᠥᠪᠡᠭᠡ ᠶ᠋ᠢᠨ ᠰᠡᠭᠦᠳᠡᠷ ᠴᠢᠭᠢᠭᠯᠢᠭ ᠭᠠᠵᠠᠷ ᠲᠤ᠌ ᠤᠷᠭᠤᠨ᠎ᠠ᠃ ᠬᠥᠬᠡᠨᠠᠭᠤᠷ᠂ ᠭᠠᠨᠰᠦ᠂ ᠰᠧᠴᠤᠸᠠᠨ ᠳ᠋ᠤ᠌ ᠲᠠᠷᠬᠠᠴᠠ ᠲᠠᠢ᠃ ᠡᠮ ᠦ᠋ᠨ ᠭᠢᠰᠢᠭᠦᠨ᠎ᠡ ᠪᠣᠯ ᠠᠭᠤᠯᠠᠨ ᠳ᠋ᠤ᠌ ᠤᠷᠭᠤᠨ᠎ᠠ᠃ ᠬᠤᠪᠧᠢ᠂ ᠾᠢᠨᠠᠨ᠂ ᠱᠠᠨᠰᠢ᠂ ᠰᠧᠴᠤᠸᠠᠨ᠂ ᠭᠦᠢᠵᠧᠦ᠂ ᠶᠦᠨᠨᠠᠨ ᠳ᠋ᠤ᠌ ᠲᠠᠷᠬᠠᠴᠠ ᠲᠠᠢ᠃ ᠣᠳᠣ ᠪᠠᠷ ᠪᠦᠷ ᠠᠷᠠᠴᠢᠯᠠᠨ ᠲᠡᠵᠢᠭᠡᠵᠦ ᠪᠠᠢᠨ᠎ᠠ᠃
[ ᠲᠡᠭᠦᠵᠦ ᠪᠣᠯᠪᠠᠰᠤᠷᠠᠭᠤᠯᠬᠤ] 3 ᠵᠢᠯ ᠡᠴᠡ ᠳᠡᠭᠡᠭᠰᠢ ᠤᠷᠭᠤᠭᠰᠠᠨ ᠭᠢᠰᠢᠭᠦᠨ᠎ᠡ ᠶ᠋ᠢ ᠰᠣᠩᠭᠣᠵᠤ᠂ ᠡᠰᠢ ᠨᠢ ᠬᠤᠪᠠᠬᠠᠢᠷᠠᠬᠤ ᠦᠶ᠎ᠡ ᠪᠤᠶᠤ ᠰᠣᠶᠣᠭᠠᠯᠠᠬᠤ ᠠ᠋ᠴᠠ ᠨᠢ ᠡᠮᠦᠨ᠎ᠡ ᠮᠠᠯᠲᠠᠨ ᠠᠪᠴᠤ ᠰᠢᠪᠠᠷ ᠰᠢᠷᠣᠢ᠂ ᠡᠰᠢ ᠪᠠ ᠨᠠᠷᠢᠨ ᠦᠨᠳᠦᠰᠦ ᠶ᠋ᠢ ᠨᠢ ᠠᠷᠢᠯᠭᠠᠵᠤ᠂ ᠠᠷᠵᠠᠭᠠᠷ ᠬᠠᠯᠢᠰᠤ ᠶ᠋ᠢ ᠨᠢ ᠬᠤᠰᠤᠵᠤ ᠬᠠᠶᠠᠭᠠᠳ ᠵᠦᠰᠦᠮᠯᠡᠬᠦ ᠪᠤᠶᠤ ᠬᠡᠷᠴᠢᠭᠡᠳ ᠨᠠᠷᠠᠨ ᠳ᠋ᠤ᠌
[ ᠠᠮᠲᠠ᠂ ᠴᠢᠨᠠᠷ᠂ ᠡᠷᠳᠡᠮ] ᠭᠠᠰᠢᠭᠤᠨ᠂ ᠢᠰᠬᠦᠯᠡᠩ ᠠᠮᠲᠠ ᠲᠠᠢ᠂ ᠰᠡᠷᠢᠭᠦᠨ ᠴᠢᠨᠠᠷ ᠲᠠᠢ᠃ ᠰᠢᠷᠦᠭᠦᠨ᠂ ᠰᠢᠩᠭᠡᠨ᠂ ᠬᠦᠯᠪᠡᠷᠢᠭᠦᠨ ᠬᠥᠩᠭᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠳᠣᠭᠣᠯᠭᠠᠬᠤ᠂ ᠬᠠᠯᠠᠭᠤᠨ ᠢ᠋ ᠠᠷᠢᠯᠭᠠᠬᠤ᠂ ᠬᠣᠣᠷ ᠲᠠᠢᠯᠬᠤ᠂ ᠢᠳᠡᠭᠡᠨ ᠢ᠋ ᠰᠢᠩᠭᠡᠭᠡᠬᠦ᠂ ᠰᠢᠷᠬ᠎ᠠ ᠶ᠋ᠢ ᠠᠨᠠᠭᠠᠬᠤ ᠴᠢᠳᠠᠯ ᠲᠠᠢ᠃ ᠭᠣᠣᠯᠳᠠᠭᠤ ᠰᠠᠪᠠᠨ ᠤ᠋ ᠬᠠᠯᠠᠭᠤᠨ᠂ ᠬᠣᠣᠷ ᠬᠠᠷᠰᠢᠭᠰᠠᠨ᠂ ᠶᠠᠷ᠎ᠠ᠂ ᠰᠢᠷᠬ᠎ᠠ᠂ ᠬᠠᠲᠠᠭᠢ᠂ ᠬᠣᠷᠭᠣᠰᠣᠯᠠᠬᠤ᠂ ᠡᠰᠡ ᠰᠢᠩᠭᠡᠭᠰᠡᠨ᠂ ᠰᠠᠷ᠎ᠠ ᠶ᠋ᠢᠨ ᠬ᠌ᠬᠢᠷ ᠬᠣᠷᠢᠭᠳᠠᠭᠰᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 1掌叶大黄 2
唐古特大黄 3药用大黄
ᠠᠩᠭ᠌ᠯᠢ ᠨᠡᠷ᠎ᠡ᠄ 1 Rheum palmatum 2 R. tanguticum Maxim. ex Balf 3 Rheum officinale Baill.
ᠦᠰᠦᠭ ᠠᠮᠢᠯᠠᠭᠤᠯᠤᠭᠴᠢ᠄ ᠪᠣᠷᠣᠨᠣᠳ᠂ ᠴᠢᠮᠡᠭ
ᠬᠢᠨᠠᠭᠴᠢ᠄ ᠲᠤᠶᠠᠭ᠎ᠠ
