ᠥᠷᠯᠥᠭᠡ ᠶᠢᠨ ᠬᠥᠬᠡᠬᠣᠲᠠ ᠮᠢᠨᠢ – ᠶᠣᠨᠳᠣᠨ ᠤ ᠪᠢᠯᠢᠭ᠌ - ᠪᠠᠭᠠᠲᠤᠷ Өглөөгийн хөххот минь – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠯᠥᠭᠡ ᠶᠢᠨ ᠬᠥᠬᠡᠬᠣᠲᠠ ᠮᠢᠨᠢ – ᠶᠣᠨᠳᠣᠨ ᠤ ᠪᠢᠯᠢᠭ᠌ - ᠪᠠᠭᠠᠲᠤᠷ Өглөөгийн хөххот минь – Ёндоны Билиг - Баатар

ᠥᠷᠯᠥᠭᠡ ᠶᠢᠨ ᠬᠥᠬᠡᠬᠣᠲᠠ ᠮᠢᠨᠢ – ᠶᠣᠨᠳᠣᠨ ᠤ ᠪᠢᠯᠢᠭ᠌ - ᠪᠠᠭᠠᠲᠤᠷ Өглөөгийн хөххот минь – Ёндоны Билиг - Баатар

2025-01-01

636

ᠥᠷᠯᠥᠭᠡ ᠶ᠋ᠢᠨ ᠬᠥᠬᠡᠬᠣᠲᠠ ᠮᠢᠨᠢ

 ᠥᠷᠯᠥᠭᠡ ᠶ᠋ᠢᠨ ᠵᠠᠯᠠᠭᠤ ᠨᠠᠷᠠᠨ ᠳᠣᠣᠷ᠎ᠠ 
 ᠥᠪᠥᠷ ᠦ᠋ᠨ ᠭᠣᠯᠣᠮᠲᠠ  –  ᠬᠥᠬᠡᠬᠣᠲᠠ 
 ᠠᠷᠢᠶᠠᠪᠠᠯᠤ ᠰᠢᠭ᠋ ᠦᠵᠡᠰᠬᠦᠯᠡᠩ ᠠᠭᠠᠳ 
 ᠠᠳᠠᠪᠰᠢ ᠭᠠᠢᠬᠠᠮᠰᠢᠭᠲᠠᠢ ᠨᠢᠭᠦᠯᠡᠰᠦᠩᠭᠦᠢ 
 ᠠᠷᠢᠭᠤᠨ ᠠᠭᠠᠷ ᠨᠢ ᠮᠥᠰᠥᠨ ᠲᠤᠩᠭᠠᠯᠠᠭ 
 ᠠᠭᠠᠰᠢ ᠨᠢ ᠬᠦᠷᠲᠡᠯ᠎ᠡ ᠬᠡᠦᠬᠡᠮᠰᠦᠭ
 ᠠᠷᠤ ᠪᠠᠷ ᠨᠢ ᠳᠣᠭᠰᠢᠷᠠᠨ ᠳᠠᠪᠬᠢᠯᠳᠤᠭᠰᠠᠨ 
 ᠳᠠᠯᠠᠨ ᠬᠠᠷ᠎ᠠ ᠠᠳᠤᠭᠤᠳ ᠢ᠋ 
 ᠠᠷᠪᠠ ᠶᠢᠰᠦᠨ ᠳᠠᠪᠬᠤᠷ ᠠ᠋ᠴᠠ 
 ᠳᠠᠯᠠᠯᠤᠨ ᠪᠠᠷᠠᠯᠠᠬᠤᠢᠶ᠎ᠠ 
 ᠳᠡᠯ ᠦ᠋ᠨ ᠲᠤᠢᠮᠦᠷ ᠠ᠋ 
 ᠬᠡᠳᠤᠨ ᠵᠠᠭᠤᠨ ᠲᠦᠮᠡᠨ ᠠᠯᠠᠭ ᠵᠢᠷᠦᠬᠡ 
 ᠨᠢᠮᠭᠡᠨ ᠪᠣᠷᠣ ᠬᠠᠯᠢᠰᠤᠨ ᠳ᠋ᠠᠭᠠᠨ ᠪᠤᠯᠭᠢᠯᠠᠵᠤ 
 ᠴᠢᠳᠥᠷ ᠡᠴᠡ ᠤᠢᠳᠤᠭᠰᠠᠨ 
 ᠲᠦᠪᠡᠷᠭᠡᠨ ᠦ᠌ ᠴᠢᠮᠡᠭᠡ 
 ᠶᠠᠭᠤᠲᠠᠢ ᠲᠣᠳᠣ ᠠ᠋ 
 ᠳᠣᠯᠭᠢᠶᠠᠨ ᠤ᠋ ᠬᠢᠨᠢ ᠳᠠᠪᠲᠠᠮᠵᠢ ᠳ᠋ᠤ᠌ 
 ᠶᠢᠰᠦ ᠶ᠋ᠢᠨ ᠬᠦᠢᠲᠡᠨ ᠰᠦᠢᠷᠡᠯᠭᠦᠢ 
 ᠶᠠᠭᠠᠬᠢᠬᠤᠪ ᠠ᠋ 
 ᠠᠪᠤᠷᠭᠤ ᠬᠣᠲᠠ ᠶ᠋ᠢᠨ ᠤᠨᠠᠭᠠᠨ ᠢᠷᠭᠡᠳ 
 ᠡᠩᠬᠡ ᠮᠥᠩᠬᠡ ᠶ᠋ᠢᠨ ᠮᠠᠨᠠᠭᠠᠴᠢᠳ — 
 ᠠᠯᠠᠭᠠᠨ ᠴᠢᠨᠡᠭᠡᠨ ᠱᠠᠭᠠᠵᠠᠭᠠᠢ ᠨᠢ ᠥᠯᠴᠢᠷ 
 ᠡᠷᠡᠬᠡᠢ ᠶ᠋ᠢᠨ ᠴᠢᠨᠡᠭᠡᠨ ᠪᠣᠯᠵᠣᠮᠣᠷ ᠨᠢ ᠡᠩᠬᠦᠷᠡᠢ 
 ᠡᠯᠳᠡᠪ ᠦ᠋ᠨ ᠰᠢᠪᠠᠭᠤᠳ ᠠ᠋ᠴᠠ ᠪᠠᠨ 
 ᠡᠨᠡ ᠬᠣᠶᠠᠷ ᠮᠢᠨᠢ ᠯᠡ ᠬᠥᠭᠡᠷᠦᠬᠦᠢ 
 ᠡᠨᠳᠡ ᠡᠴᠡ ᠪᠡᠨ ᠵᠠᠢᠯᠠᠳᠠᠭ ᠦᠭᠡᠢ ᠨᠢ 
 ᠡᠷᠲᠡᠨ ᠦ᠌ ᠤᠯᠠᠭᠠᠴᠢᠳ ᠤ᠋ᠨ ᠢ᠋ᠶ᠋ᠠᠨ 
 ᠤᠶᠠᠭ᠎ᠠ ᠱᠣᠩ ᠢ᠋ ᠨᠢ 
 ᠰᠠᠬᠢᠳᠠᠭ ᠶᠤᠮ ᠭᠡᠨ᠎ᠡ ᠯᠠᠢ 
 ᠢᠵᠠᠭᠤᠷ ᠭᠠᠯᠪᠠ ᠶ᠋ᠢᠨ ᠥᠷᠲᠡᠭᠡᠨ ᠵᠠᠮ 
 ᠠᠯᠲᠠᠨ ᠬᠠᠭᠠᠨ ᠤ᠋ ᠨᠡᠢᠰᠯᠡᠯ ᠡᠴᠡ 
 ᠥᠷᠯᠥᠭᠡ ᠪᠡᠷ ᠵᠢᠷᠦᠬᠡᠨ ᠳᠡᠭᠡᠭᠦᠷ 
 ᠠᠯᠢ ᠵᠦᠭ ᠰᠤᠨᠤᠯᠵᠠᠨ᠎ᠠ ᠪᠣᠢ 

          2024᠂12᠂27᠃ 
           ᠬᠥᠬᠡᠬᠣᠲᠠᠨ᠎ᠠ ᠪᠦᠲᠦᠭᠡᠪᠡᠢ᠃