ᠴᠢᠨᠣ᠎ᠠ ᠪᠠ ᠳᠣᠯᠣᠭᠠᠨ ᠢᠰᠢᠭᠡЧоно ба долоон ишиг-chono ba doloon ishig ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠨᠣ᠎ᠠ ᠪᠠ ᠳᠣᠯᠣᠭᠠᠨ ᠢᠰᠢᠭᠡЧоно ба долоон ишиг-chono ba doloon ishig

ᠴᠢᠨᠣ᠎ᠠ ᠪᠠ ᠳᠣᠯᠣᠭᠠᠨ ᠢᠰᠢᠭᠡЧоно ба долоон ишиг-chono ba doloon ishig

ᠠᠩᠭᠢᠯᠠᠯ:ᠳᠣᠮᠣᠭ ᠦᠯᠢᠭᠡᠷ
2022-08-02

582

ᠡᠷᠲᠡ ᠤᠷᠢᠳᠤ ᠶ᠋ᠢᠨ ᠴᠠᠭ ᠲᠤ᠌ ᠡᠷᠬᠡ ᠲᠠᠩᠬᠢᠯ ᠳᠣᠯᠣᠭᠠᠨ ᠢᠰᠢᠭᠡ ᠲᠡᠢ ᠡᠶᠡᠯᠳᠡᠭ ᠰᠠᠢᠬᠠᠨ ᠠᠭᠠᠰᠢᠲᠠᠢ ᠨᠢᠭᠡᠨ ᠢᠮᠠᠭ᠎ᠠ ᠪᠠᠢᠵᠠᠢ᠃ ᠲᠡᠭᠦᠨ ᠳ᠋ᠦ᠍ ᠨᠢᠯᠬ᠎ᠠ ᠬᠣᠩᠭᠣᠷ ᠢᠰᠢᠭᠡ ᠨᠦ᠍ᠭᠦᠳ ᠡᠴᠡ ᠨᠢ ᠥᠪᠡᠷ ᠨᠠᠨᠳᠢᠨ ᠡᠷᠳᠡᠨᠢ ᠦᠭᠡᠢ ᠭᠡᠨ᠎ᠡ᠃

ᠢᠮᠠᠭ᠎ᠠ ᠨᠢᠭᠡᠨ ᠤᠳᠠᠭ᠎ᠠ ᠡᠪᠡᠰᠦᠨ ᠦ᠌ ᠰᠢᠮᠡᠲᠡᠢ᠂ ᠤᠰᠤᠨ ᠤ᠋ ᠲᠤᠩᠭᠠᠯᠠᠭ ᠲᠤ᠌ ᠢᠳᠡᠭᠡᠰᠢᠯᠡᠬᠦ ᠪᠡᠷ ᠶᠠᠪᠤᠬᠤ ᠳ᠋ᠠᠭᠠᠨ ᠢᠰᠢᠭᠡ ᠨᠦ᠍ᠭᠦᠳ ᠢ᠋ᠶ᠋ᠡᠨ ᠳᠠᠭᠤᠳᠠᠭᠠᠳ᠄
– ᠡᠩᠬᠦᠷᠡᠢ ᠦᠷᠡᠰ ᠮᠢᠨᠢ ᠡᠵᠢ ᠨᠢ ᠶᠠᠪᠤᠯ᠎ᠠ᠃ ᠬᠡᠦᠬᠡᠳ ᠦ᠋ᠳ ᠮᠢᠨᠢ ᠴᠢᠨᠣ᠎ᠠ ᠠ᠋ᠴᠠ ᠪᠣᠯᠭᠣᠮᠵᠢᠯᠠᠭᠠᠷᠠᠢ᠃ ᠠᠷᠢᠶᠠᠲᠠᠨ ᠴᠢᠨᠣ᠎ᠠ ᠣᠷᠣᠭᠠᠳ ᠯᠠ ᠢᠷᠡᠪᠡᠯ ᠠᠷᠠᠰᠤ ᠲᠠᠢ ᠦᠰᠦᠲᠡᠢ ᠴᠢᠨᠢ ᠵᠠᠯᠭᠢᠴᠢᠬᠠᠨ᠎ᠠ ᠰᠢᠦ᠃ ᠬᠣᠣᠷᠯᠠᠯ ᠲᠠᠢ ᠲᠡᠷᠡ ᠠᠮᠢᠲᠠᠨ ᠶᠠᠮᠠᠷ ᠴᠤ᠌ ᠳᠦᠷᠢ ᠳ᠋ᠦ᠍ ᠬᠤᠪᠢᠷᠠᠴᠢᠬᠠᠭᠰᠠᠨ ᠪᠠᠢᠵᠤ ᠮᠡᠳᠡᠨ᠎ᠡ᠃ ᠬᠠᠭᠤᠷᠲᠠᠪᠠ ᠠ! ᠲᠡᠷᠡ ᠬᠠᠬᠢᠷ ᠪᠦᠳᠦᠭᠦᠨ ᠳᠠᠭᠤ ᠲᠠᠢ᠂ ᠬᠠᠷ᠎ᠠ ᠰᠠᠷᠠᠯ ᠬᠥᠯ ᠲᠡᠢ ᠭᠡᠳᠡᠭ ᠢ᠋ ᠲᠠ ᠨᠠᠷ ᠮᠡᠳᠡᠨ᠎ᠡ ᠰᠢᠦ ᠳᠡ ᠭᠡᠵᠦ ᠬᠡᠯᠡᠵᠡᠢ᠃

ᠲᠡᠭᠡᠲᠡᠯ᠎ᠡ ᠢᠰᠢᠭᠡ ᠨᠦ᠍ᠭᠦᠳ ᠨᠢ 《ᠵᠦᠭᠡᠷ ᠠ᠋ ᠵᠦᠭᠡᠷ᠂ ᠡᠵᠢ᠃ ᠰᠠᠨᠠᠭ᠎ᠠ ᠵᠣᠪᠠᠯᠲᠠ ᠦᠭᠡᠢ ᠠ᠋᠃ ᠵᠥᠩᠳᠡᠭᠡᠨ ᠢᠷᠭᠤᠢ ᠠᠪᠴᠢᠷᠠᠭᠠᠷᠠᠢ᠃ ᠥᠭᠡᠳᠡ ᠦᠭᠡᠢ ᠮᠠᠭᠤ ᠴᠢᠨᠣ᠎ᠠ ᠢᠷᠡᠪᠡᠯ ᠡᠭᠦᠳᠡ ᠪᠡᠨ ᠪᠢᠳᠡ ᠨᠡᠭᠡᠭᠡᠬᠦ ᠦᠭᠡᠢ》 ᠭᠡᠮᠡᠨ ᠵᠡᠷᠭᠡ ᠵᠡᠷᠭᠡ ᠮᠠᠢᠯᠠᠯᠳᠤᠵᠤ ᠭᠡᠨ᠎ᠡ᠃ ᠡᠵᠢ ᠨᠢ ᠲᠡᠳᠡᠨ ᠦ᠌ ᠬᠢ ᠪᠡᠨ ᠴᠣᠪᠣᠭᠣ ᠳᠠᠭᠤᠨ ᠳ᠋ᠤ᠌ ᠪᠡᠶᠡᠰᠴᠦ᠂ ᠡᠩᠬᠦᠷᠡᠢᠯᠡᠵᠦ ᠨᠢᠭᠡᠨᠲᠡ ᠮᠠᠢᠯᠠᠴᠢᠬᠠᠭᠠᠳ ᠯᠠ ᠵᠠᠮ ᠳ᠋ᠠᠭᠠᠨ ᠭᠠᠷᠴᠠᠢ᠃

ᠤᠳᠠᠭ᠎ᠠ ᠴᠤ᠌ ᠦᠭᠡᠢ ᠪᠠᠢᠲᠠᠯ᠎ᠠ ᠲᠡᠳᠡᠨ ᠦ᠌ ᠬᠠᠭᠠᠯᠭ᠎ᠠ ᠶ᠋ᠢ ᠬᠡᠨ ᠨᠢᠭᠡ ᠨᠢ ᠲᠣᠭᠰᠢᠵᠤ᠄
– ᠡᠩᠬᠦᠷᠡᠢ ᠦᠷᠡᠰ ᠮᠢᠨᠢ ᠬᠠᠭᠠᠯᠭ᠎ᠠ ᠪᠠᠨ ᠨᠡᠬᠡᠭᠡ᠃ ᠡᠵᠢ ᠨᠢ ᠢᠷᠡᠯ᠎ᠡ᠃ ᠲᠠ ᠨᠡᠷᠡᠲᠦ ᠪᠡᠨ ᠳᠠᠯᠠᠩ ᠳᠦᠭᠦᠷᠡᠩ ᠰᠦ᠂ ᠰᠠᠭᠰᠤ ᠳᠦᠭᠦᠷᠡᠩ ᠢᠷᠭᠤᠢ ᠠᠪᠴᠢᠷᠠᠯ᠎ᠠ ᠭᠡᠵᠡᠢ᠃
ᠬᠠᠷᠢᠨ ᠢᠰᠢᠭᠡ ᠨᠦ᠍ᠭᠦᠳ ᠬᠠᠬᠢᠷ ᠪᠦᠳᠦᠭᠦᠨ ᠳᠠᠭᠤ ᠪᠠᠷ ᠨᠢ ᠴᠢᠨᠣ᠎ᠠ ᠪᠠᠢᠨ᠎ᠠ ᠭᠡᠳ ᠲᠦᠪᠡᠭᠭᠦᠢᠬᠡᠨ ᠲᠠᠨᠢᠴᠢᠬᠠᠵᠠᠢ᠃ ᠲᠡᠭᠡᠭᠡᠳ᠄
《ᠬᠠᠭᠠᠯᠭ᠎ᠠ ᠪᠠᠨ ᠪᠢᠳᠡ ᠨᠡᠭᠡᠭᠡᠬᠦ ᠦᠭᠡᠢ᠃ ᠬᠠᠢᠷᠠᠲᠠᠢ ᠡᠵᠢ ᠮᠠᠨᠢ ᠡᠩᠬᠦᠷᠡᠢ ᠵᠥᠭᠡᠯᠡᠨ ᠳᠠᠭᠤ ᠲᠠᠢ᠃ ᠬᠠᠷᠢᠨ ᠲᠠ ᠪᠣᠯ ᠬᠠᠬᠢᠷ ᠪᠦᠳᠦᠭᠦᠨ ᠳᠠᠭᠤᠲᠤ ᠴᠢᠨᠣ᠎ᠠ ᠪᠠᠢᠨ᠎ᠠ ᠰᠢᠦ ᠳᠡ》 ᠭᠡᠵᠦ ᠮᠠᠢᠯᠠᠯᠳᠤᠵᠤ ᠭᠡᠨ᠎ᠡ᠃
ᠴᠢᠨᠣ᠎ᠠ 《ᠭᠠᠢᠭᠤᠢ ᠠ᠋᠂ ᠲᠠ ᠨᠠᠷ ᠢ᠋ ᠳᠡ》 ᠭᠡᠵᠦ ᠥᠭᠡᠯᠡᠭᠰᠡᠨ ᠢ᠋ᠶ᠋ᠡᠨ ᠬᠦᠨᠡᠰᠦᠨ ᠦ᠌ ᠮᠤᠬᠤᠯᠠᠭ ᠤᠷᠤᠭᠤ ᠬᠠᠷᠠᠢᠯᠭᠠᠵᠠᠢ᠃ ᠮᠤᠬᠤᠯᠠᠭ ᠠ᠋ᠴᠠ ᠲᠡᠷᠡ ᠲᠦᠭᠦᠬᠡᠢ ᠥᠨᠳᠡᠭᠡ ᠠᠪᠴᠤ ᠤᠤᠭᠤᠭᠠᠳ ᠳᠠᠭᠤ ᠪᠠᠨ ᠰᠢᠩᠭᠡᠷᠡᠭᠦᠯᠵᠦ ᠭᠡᠨ᠎ᠡ᠃
ᠴᠢᠨᠣ᠎ᠠ ᠡᠷᠭᠢᠵᠦ ᠣᠴᠢᠭᠠᠳ ᠬᠠᠭᠠᠯᠭ᠎ᠠ ᠶ᠋ᠢ ᠨᠢ ᠲᠣᠭᠰᠢᠵᠤ᠄
– ᠡᠩᠬᠦᠷᠡᠢ ᠦᠷᠡᠰ ᠮᠢᠨᠢ ᠬᠠᠭᠠᠯᠭ᠎ᠠ ᠪᠠᠨ ᠨᠡᠬᠡᠭᠡ᠃ ᠡᠵᠢ ᠨᠢ ᠢᠷᠡᠯ᠎ᠡ᠃ ᠲᠠ ᠨᠡᠷᠡᠲᠦ ᠪᠡᠨ ᠳᠠᠯᠠᠩ ᠳᠦᠭᠦᠷᠡᠩ ᠰᠦ᠂ ᠰᠠᠭᠰᠤ ᠳᠦᠭᠦᠷᠡᠩ ᠢᠷᠭᠤᠢ ᠠᠪᠴᠢᠷᠠᠯ᠎ᠠ》 ᠭᠡᠵᠦ ᠰᠢᠩᠭᠡᠨ ᠳᠠᠭᠤ ᠪᠠᠷ ᠬᠡᠯᠡᠵᠡᠢ᠃
ᠢᠩᠭᠢᠵᠦ ᠬᠡᠯᠡᠬᠦ ᠳ᠋ᠡᠭᠡᠨ ᠴᠢᠨᠣ᠎ᠠ ᠤᠷᠲᠤ ᠬᠥᠯ ᠢ᠋ᠶ᠋ᠡᠨ ᠴᠣᠩᠬᠣᠨ ᠳᠡᠭᠡᠷ᠎ᠡ ᠲᠠᠯᠪᠢᠴᠢᠬᠠᠭᠰᠠᠨ ᠪᠠᠢᠭᠰᠠᠨ ᠢ᠋ ᠨᠢ ᠢᠰᠢᠭᠡ ᠨᠦ᠍ᠭᠦᠳ ᠣᠯᠤᠭᠠᠳ ᠬᠠᠷᠴᠢᠬᠠᠵᠠᠢ᠃ ᠲᠡᠭᠡᠭᠡᠳ ᠲᠡᠳᠡ᠄
– ᠬᠠᠭᠠᠯᠭ᠎ᠠ ᠪᠠᠨ ᠪᠢᠳᠡ ᠨᠡᠭᠡᠭᠡᠬᠦ ᠦᠭᠡᠢ ᠠ᠋᠃ ᠬᠠᠢᠷᠠᠲᠠᠢ ᠡᠵᠢ ᠮᠢᠨᠢ ᠴᠠᠭᠠᠬᠠᠨ ᠬᠥᠯ ᠲᠡᠢ᠃ ᠬᠠᠷᠢᠨ ᠲᠠ ᠪᠣᠯ ᠬᠠᠷ᠎ᠠ ᠰᠠᠷᠠᠯ ᠬᠥᠯ ᠲᠡᠢ᠂ ᠬᠠᠲᠠᠭᠤ ᠰᠡᠳᠬᠢᠯᠲᠦ ᠴᠢᠨᠣ᠎ᠠ ᠪᠠᠢᠨ᠎ᠠ ᠰᠢᠦ ᠳᠡ ᠭᠡᠵᠦ ᠮᠠᠢᠯᠠᠯᠳᠤᠵᠤ ᠭᠡᠨ᠎ᠡ. 《ᠵᠠ ᠭᠠᠢᠭᠤᠢ ᠠ᠋᠂ ᠲᠠ ᠨᠠᠷ ᠢ᠋ ᠵᠠᠯᠭᠢᠬᠤ ᠳ᠋ᠠᠭᠠᠨ ᠯᠠ ᠨᠢᠭᠡ ᠵᠠᠯᠭᠢᠨ᠎ᠠ》 ᠭᠡᠵᠦ ᠴᠢᠨᠣ᠎ᠠ ᠦᠭᠡᠯᠡᠭᠰᠡᠭᠡᠷ ᠡᠪᠦᠭᠡᠨ ᠲᠠᠯᠬᠠᠴᠢᠨ ᠤ᠋ ᠳ᠋ᠤ᠌ ᠣᠴᠢᠵᠠᠢ᠃ ᠲᠡᠭᠡᠭᠡᠳ ᠲᠠᠯᠬᠠᠴᠢᠨ ᠳ᠋ᠤ᠌᠄
– ᠶᠣᠬᠣ ᠶᠣᠬᠣ᠃ ᠪᠢ ᠬᠥᠯ ᠢ᠋ᠶ᠋ᠡᠨ ᠭᠡᠮᠲᠦᠭᠡᠴᠢᠬᠡᠯ᠎ᠡ᠃ ᠠᠯᠢᠪ ᠵᠢᠭᠤᠷᠠᠭᠰᠠᠨ ᠭᠤᠯᠢᠷ ᠬᠤᠷᠳᠤᠬᠠᠨ ᠰᠢᠭ᠋ ᠲᠦᠷᠬᠢᠭᠡᠳᠡᠬᠦ ᠭᠡᠵᠡᠢ᠃
ᠡᠪᠦᠭᠡᠨ ᠲᠠᠯᠬᠠᠴᠢᠨ ᠵᠢᠭᠤᠷᠠᠭᠰᠠᠨ ᠭᠤᠯᠢᠷ ᠢ᠋ ᠴᠢᠨᠣ᠎ᠠ ᠶ᠋ᠢᠨ ᠬᠥᠯᠥᠨ ᠳ᠋ᠦ᠍ ᠵᠤᠵᠠᠭᠠᠨ ᠭᠡᠭᠴᠢ ᠨᠢ ᠲᠦᠷᠬᠢᠵᠦ ᠥᠭᠴᠡᠢ᠃
ᠳᠠᠷᠠᠭ᠎ᠠ ᠨᠢ ᠴᠢᠨᠣ᠎ᠠ ᠲᠡᠭᠡᠷᠮᠡᠴᠢᠨ ᠳᠡᠭᠡᠷ᠎ᠡ ᠣᠴᠢᠭᠠᠳ᠄
– ᠬᠥᠯ ᠦ᠋ᠨ ᠳᠡᠭᠡᠷ᠎ᠡ ᠮᠢᠨᠢ ᠬᠠᠭᠤᠷᠠᠢ ᠭᠤᠯᠢᠷ ᠴᠠᠴᠤᠭᠤᠯᠬᠤ ᠭᠡᠪᠡ᠃
ᠲᠡᠭᠡᠷᠮᠡᠴᠢᠨ 《ᠬᠡᠵᠢᠶᠡᠨᠡᠢ ᠡᠨᠡ ᠵᠠᠯᠢ ᠲᠠᠢ ᠠᠮᠢᠲᠠᠨ ᠬᠡᠨ ᠨᠢᠭᠡᠨ ᠢ᠋ ᠮᠡᠬᠡᠯᠡᠬᠦ ᠯᠡ ᠭᠡᠵᠦ ᠪᠠᠢᠨ᠎ᠠ ᠳᠠ》 ᠭᠡᠵᠦ ᠪᠣᠳᠣᠭᠠᠳ 《ᠦᠭᠡᠢ ᠠ᠋᠂ ᠴᠢᠳᠠᠬᠤ ᠦᠭᠡᠢ》 ᠭᠡᠵᠦ ᠭᠡᠨ᠎ᠡ᠃
《ᠠᠯᠢᠪ ᠬᠤᠷᠳᠤᠯᠠ᠃ ᠰᠢᠨᠠᠭ᠎ᠠ ᠭᠤᠯᠢᠷ ᠢ᠋ᠶ᠋ᠠᠨ ᠬᠠᠷᠠᠮᠯᠠᠭᠠᠳ ᠪᠠᠢᠪᠠᠯ ᠴᠢᠮᠠᠶ᠋ᠢ ᠴᠤ᠌ ᠭᠡᠰᠡᠨ ᠢᠳᠡᠨ᠎ᠡ ᠰᠢᠦ》 ᠭᠡᠵᠦ ᠴᠢᠨᠣ᠎ᠠ ᠰᠦᠷᠳᠡᠭᠦᠯᠬᠦ ᠳ᠋ᠦ᠍ ᠲᠡᠭᠡᠷᠮᠡᠴᠢᠨ ᠠᠶᠤᠭᠰᠠᠨ ᠳ᠋ᠠᠭᠠᠨ ᠰᠢᠨᠠᠭ᠎ᠠ ᠭᠤᠯᠢᠷ ᠢ᠋ᠶ᠋ᠠᠨ ᠰᠠᠨᠳᠤ ᠮᠡᠨᠳᠦ ᠴᠠᠴᠤᠵᠤ ᠥᠭᠭᠦᠭᠡᠳ ᠶᠠᠪᠤᠭᠤᠯᠵᠠᠢ᠃

ᠭᠠᠢᠬᠠᠯ ᠰᠠᠷᠠᠯ ᠭᠤᠷᠪᠠᠳᠠᠬᠢ ᠤᠳᠠᠭ᠎ᠠ ᠪᠠᠨ ᠢᠷᠡᠵᠦ ᠬᠠᠭᠠᠯᠭ᠎ᠠ ᠶ᠋ᠢ ᠨᠢ ᠲᠤᠭ ᠲᠤᠭ ᠲᠣᠭᠰᠢᠭᠠᠳ᠄
《ᠡᠩᠬᠦᠷᠡᠢ ᠦᠷᠡᠰ ᠮᠢᠨᠢ ᠬᠠᠭᠠᠯᠭ᠎ᠠ ᠪᠠᠨ ᠨᠡᠬᠡᠭᠡ᠃ ᠡᠵᠢ ᠨᠢ ᠲᠠ ᠨᠡᠷᠡᠲᠦ ᠪᠡᠨ ᠳᠠᠯᠠᠩ ᠳᠦᠭᠦᠷᠡᠩ ᠰᠦ᠂ ᠰᠠᠭᠰᠤ ᠳᠦᠭᠦᠷᠡᠩ ᠢᠷᠭᠤᠢ ᠲᠠᠢ ᠢᠷᠡᠯ᠎ᠡ》 ᠭᠡᠵᠦ ᠡᠩᠬᠦᠷᠡᠢ ᠢᠯᠳᠠᠮ ᠳᠠᠭᠤ ᠪᠠᠷ ᠬᠡᠯᠡᠵᠡᠢ᠃
《ᠡᠬᠢᠯᠡᠭᠡᠳ ᠪᠢᠳᠡᠨ ᠳ᠋ᠦ᠍ ᠬᠥᠯ ᠢ᠋ᠶ᠋ᠡᠨ ᠦᠵᠡᠭᠦᠯ᠃ ᠡᠵᠢ ᠮᠢᠨᠢ ᠮᠥᠨ ᠡᠰᠡᠬᠦ ᠶ᠋ᠢ ᠮᠡᠳᠡᠶ᠎ᠡ》 ᠭᠡᠵᠦ ᠢᠰᠢᠭᠡ ᠨᠦ᠍ᠭᠦᠳ ᠮᠠᠢᠯᠠᠯᠳᠤᠵᠤ ᠭᠡᠨ᠎ᠡ᠃ ᠴᠢᠨᠣ᠎ᠠ ᠬᠥᠯ ᠢ᠋ᠶ᠋ᠡᠨ ᠴᠣᠩᠬᠣᠨ ᠳᠡᠭᠡᠷ᠎ᠡ ᠲᠠᠯᠪᠢᠬᠤ ᠳ᠋ᠤ᠌ ᠬᠥᠯ ᠨᠢ ᠴᠠᠭᠠᠨ ᠬᠠᠷᠠᠭᠳᠠᠵᠤ ᠭᠡᠨ᠎ᠡ᠃ ᠢᠰᠢᠭᠡ ᠨᠦ᠍ᠭᠦᠳ ᠡᠵᠢ ᠶ᠋ᠢ ᠪᠡᠨ ᠭᠡᠵᠦ ᠢᠲᠡᠭᠡᠭᠡᠳ ᠡᠭᠦᠳᠡ ᠪᠡᠨ ᠨᠡᠭᠡᠭᠡᠵᠡᠢ᠃
ᠭᠡᠲᠡᠯ᠎ᠡ ᠬᠡᠨ ᠣᠷᠣᠵᠤ ᠢᠷᠡᠭᠰᠡᠨ ᠭᠡᠵᠦ ᠪᠣᠳᠣᠨ᠎ᠠ᠃ ᠠᠷᠠᠭ᠎ᠠ ᠰᠢᠳᠦ ᠨᠢ ᠢᠷᠵᠠᠢᠭᠰᠠᠨ᠂ ᠵᠢᠷᠲᠠᠭᠠᠢ ᠰᠠᠷᠠᠯ ᠴᠢᠨᠣ᠎ᠠ ᠪᠠᠢᠯ᠎ᠠ᠃ ᠢᠰᠢᠭᠡ ᠨᠦ᠍ᠭᠦᠳ ᠰᠦᠨᠡᠰᠦ ᠪᠡᠨ ᠵᠠᠢᠯᠠᠲᠠᠯ᠎ᠠ ᠠᠶᠤᠵᠤ ᠨᠢᠭᠡ ᠨᠢ ᠰᠢᠷᠡᠭᠡᠨ ᠳᠣᠣᠭᠤᠷ᠂ ᠬᠣᠶᠠᠷᠳᠠᠬᠢ ᠨᠢ ᠣᠷᠣᠨ ᠳᠣᠣᠭᠤᠷ᠂ ᠭᠤᠷᠪᠠᠳᠠᠬᠢ ᠨᠢ ᠫᠢᠰᠢᠩ ᠳᠣᠲᠣᠷ᠎ᠠ᠂ ᠳᠥᠷᠪᠡᠳᠡᠬᠢ ᠨᠢ ᠲᠣᠭᠣᠭᠠᠨ ᠤ᠋ ᠰᠠᠪᠤᠩ ᠳ᠋ᠤ᠌᠂ ᠲᠠᠪᠤᠳᠠᠬᠢ ᠨᠢ ᠰᠢᠭᠦᠭᠡᠨ ᠳ᠋ᠦ᠍᠂ ᠵᠢᠷᠭᠤᠳᠠᠬᠢ ᠨᠢ ᠤᠭᠠᠯᠲᠠᠭᠤᠷ ᠳᠣᠲᠣᠷ᠎ᠠ᠂ ᠳᠣᠯᠣᠭ᠎ᠠ ᠳ᠋ᠠᠬᠢ ᠨᠢ ᠬᠠᠨ᠎ᠠ ᠶ᠋ᠢᠨ ᠴᠠᠭᠠᠨ᠎ᠠ ᠭᠡᠷ  ᠳᠣᠲᠣᠷ᠎ᠠ ᠬᠠᠷᠠᠢᠨ ᠣᠷᠣᠵᠤ ᠨᠢᠭᠤᠭᠳᠠᠵᠠᠭᠠᠯ᠎ᠠ᠃ ᠴᠢᠨᠣ᠎ᠠ ᠲᠡᠳᠡᠨ ᠢ᠋ ᠬᠦᠢ ᠬᠠᠶ᠎ᠠ ᠭᠡᠬᠦ ᠶ᠋ᠢᠨ ᠵᠠᠭᠤᠷ᠎ᠠ ᠦᠭᠡᠢ ᠣᠯᠤᠭᠠᠳ ᠨᠢᠭᠡ ᠨᠢᠭᠡ ᠪᠡᠷ ᠨᠢ ᠵᠠᠯᠭᠢᠵᠤ ᠣᠷᠬᠢᠯ᠎ᠠ᠃ ᠬᠠᠷᠢᠨ ᠬᠠᠮᠤᠭ ᠤ᠋ᠨ ᠵᠢᠵᠢᠭ ᠢᠰᠢᠭᠡ ᠨᠢ ᠴᠠᠭᠠᠨ᠎ᠠ ᠭᠡᠷ ᠳ᠋ᠦ᠍ ᠨᠢᠭᠤᠭᠳᠠᠭᠰᠠᠨ ᠢ᠋ ᠴᠢᠨᠣ᠎ᠠ ᠠᠩᠵᠠᠭᠠᠷᠠᠯ ᠦᠭᠡᠢ ᠣᠷᠬᠢᠵᠠᠢ᠃ ᠬᠣᠪᠳᠣᠭ ᠰᠠᠷᠠᠯ ᠴᠢᠨᠣ᠎ᠠ ᠭᠡᠳᠡᠰᠦ ᠪᠡᠨ ᠳᠠᠭᠠᠭᠠᠵᠤ ᠶᠠᠳᠠᠨ ᠠᠯᠬᠤᠭᠰᠠᠭᠠᠷ ᠭᠡᠷ ᠡᠴᠡ ᠭᠠᠷᠴᠤ᠂ ᠨᠢᠭᠡᠨ ᠮᠣᠳᠣᠨ ᠤ᠋ ᠢᠷᠣᠭᠠᠯ ᠳ᠋ᠤ᠌ ᠬᠡᠪᠲᠡᠭᠡᠳ᠂ ᠬᠠᠬᠢᠷ ᠮᠠᠭᠤᠬᠠᠢ ᠳᠠᠭᠤ ᠪᠠᠷ ᠬᠤᠷᠬᠢᠷᠠᠨ ᠤᠨᠲᠠᠵᠤ ᠭᠡᠨ᠎ᠡ᠃

ᠲᠡᠭᠡᠲᠡᠯ᠎ᠡ ᠤᠳᠠᠯ ᠦᠭᠡᠢ ᠡᠩᠬᠦᠷᠡᠢᠬᠡᠨ ᠢᠰᠢᠭᠡ ᠨᠦ᠍ᠭᠦᠳ ᠲᠡᠭᠡᠨ ᠶᠠᠭᠠᠷᠠᠨ᠂ ᠱᠣᠪᠣᠷ ᠱᠣᠪᠣᠷ ᠱᠣᠭᠰᠢᠭᠰᠠᠭᠠᠷ ᠡᠬᠡ ᠢᠮᠠᠭ᠎ᠠ ᠢᠷᠡᠵᠡᠢ᠃ ᠬᠥᠭᠡᠷᠦᠬᠦᠢ ᠢᠮᠠᠭ᠎ᠠ ᠭᠡᠲᠡᠯ᠎ᠡ ᠶᠠᠭᠤᠲᠠᠢ ᠤᠴᠠᠷᠠᠭᠰᠠᠨ ᠭᠡᠭᠡᠴᠢ᠃ ᠬᠠᠭᠠᠯᠭ᠎ᠠ ᠡᠭᠦᠳᠡ ᠨᠢ ᠳᠡᠯᠭᠡᠭᠳᠡᠵᠦ᠂ ᠬᠠᠮᠤᠭ ᠰᠢᠷᠡᠭᠡ ᠰᠠᠨᠳᠠᠯᠢ ᠨᠢ ᠶᠠᠢᠵᠢᠢᠵᠤ ᠬᠡᠮᠬᠡᠷᠡᠭᠡᠳ᠂ ᠰᠠᠪᠠ ᠰᠠᠭᠤᠯᠭ᠎ᠠ᠂ ᠣᠷᠣ ᠳᠡᠷ᠎ᠡ ᠨᠢ ᠱᠠᠯᠠ ᠪᠠᠷ ᠨᠢᠭᠡ ᠬᠥᠭᠯᠡᠷᠡᠴᠢᠬᠡᠭᠰᠡᠨ ᠪᠠᠢᠬᠤ ᠶᠤᠮ ᠭᠡᠨ᠎ᠡ᠃
ᠢᠰᠢᠭᠡ ᠨᠦ᠍ᠭᠦᠳ ᠢ᠋ᠶ᠋ᠡᠨ ᠢᠮᠠᠭ᠎ᠠ ᠡᠷᠢᠭᠡᠳ ᠬᠠᠢᠭᠠᠳ ᠣᠯᠤᠭᠰᠠᠨ ᠦᠭᠡᠢ᠃ ᠨᠡᠷ᠎ᠡ ᠵᠢᠰᠦ ᠪᠡᠷ ᠨᠢ ᠳᠠᠭᠤᠳᠠᠪᠠᠴᠤ ᠨᠢᠭᠡ ᠴᠦ᠍ ᠬᠠᠷᠢᠭᠤ ᠠᠯᠠᠭ᠎ᠠ ᠭᠡᠨ᠎ᠡ᠃ ᠬᠠᠷᠢᠨ ᠲᠡᠭᠡᠲᠡᠯ᠎ᠡ ᠬᠠᠮᠤᠭ ᠤ᠋ᠨ ᠪᠠᠭ᠎ᠠ ᠢᠰᠢᠭᠡ ᠨᠢ 《ᠬᠠᠢᠷᠠᠲᠤ ᠡᠵᠢ ᠮᠢᠨᠢ ᠪᠢ ᠴᠠᠭᠠᠨ᠎ᠠ ᠭᠡᠷ ᠳᠣᠲᠣᠷ᠎ᠠ ᠪᠠᠢᠨ᠎ᠠ》 ᠭᠡᠮᠡᠨ ᠳᠤᠭᠤᠯᠳᠠᠬᠤ ᠲᠡᠳᠦᠢ ᠮᠠᠢᠯᠠᠵᠠᠢ᠃ ᠡᠵᠢ ᠨᠢ ᠲᠡᠭᠦᠨ ᠢ᠋ ᠭᠠᠷᠭᠠᠵᠤ ᠠᠪᠲᠠᠯ᠎ᠠ ᠠᠶᠤᠭᠰᠠᠨ ᠳ᠋ᠠᠭᠠᠨ ᠪᠦᠷ ᠪᠥᠮᠪᠥᠯᠵᠡᠲᠡᠯ᠎ᠡ ᠴᠡᠴᠡᠷᠡᠵᠦ᠂ ᠪᠥᠮᠪᠥᠷᠢᠲᠡᠯ᠎ᠡ ᠤᠬᠢᠯᠠᠭᠠᠳ 《ᠠᠶᠤᠮᠰᠢᠭᠲᠤ ᠴᠢᠨᠣ᠎ᠠ᠂ ᠠᠬ᠎ᠠ ᠡᠭᠡᠴᠢ ᠨᠠᠷ ᠢ᠋ ᠮᠠᠨᠢ ᠴᠥᠮ ᠢ᠋ ᠨᠢ ᠵᠠᠯᠭᠢᠴᠢᠬᠠᠭᠰᠠᠨ》 ᠭᠡᠵᠦ ᠬᠡᠯᠡᠵᠡᠢ᠃
ᠬᠥᠭᠡᠷᠦᠬᠦᠢ ᠡᠬᠡ ᠨᠢ ᠲᠡᠳᠡᠨ ᠦ᠌ ᠬᠢ ᠪᠡᠨ ᠬᠣᠢᠨ᠎ᠠ ᠠ᠋ᠴᠠ ᠬᠡᠴᠢᠨᠡᠨ ᠶᠡᠬᠡ ᠤᠬᠢᠯᠠᠵᠤ ᠬᠠᠷᠠᠭᠤᠰᠤᠭᠰᠠᠨ ᠭᠡᠵᠦ ᠰᠠᠨᠠᠨ᠎ᠠ᠃ ᠲᠡᠭᠦᠨ ᠢ᠋ ᠭᠠᠰᠢᠭᠤᠳᠠᠨ ᠤᠬᠢᠯᠠᠭᠰᠠᠭᠠᠷ ᠭᠠᠳᠠᠭᠰᠢ ᠭᠠᠷᠬᠤ ᠳ᠋ᠤ᠌ ᠪᠢᠴᠢᠬᠠᠨ ᠢᠰᠢᠭᠡ ᠨᠢ ᠠᠷᠤ ᠠ᠋ᠴᠠ ᠨᠢ ᠳᠠᠭᠠᠵᠠᠢ᠃ ᠢᠮᠠᠭ᠎ᠠ ᠭᠡᠷ ᠡᠴᠡ ᠪᠡᠨ ᠭᠠᠷᠤᠭᠠᠳ ᠣᠢᠷᠠᠯᠴᠠᠭᠠᠬᠢ ᠮᠣᠳᠣᠨ ᠤ᠋ ᠢᠷᠣᠭᠠᠯ ᠳ᠋ᠤ᠌ ᠨᠢᠭᠡᠨ ᠪᠦᠳᠦᠭᠦᠨ ᠰᠠᠷᠠᠯ ᠶᠠᠭᠤᠮ᠎ᠠ ᠬᠡᠪᠲᠡᠵᠦ ᠪᠠᠢᠬᠤ ᠶ᠋ᠢ ᠣᠯᠵᠤ ᠬᠠᠷᠠᠵᠠᠢ᠃ ᠣᠢᠷᠠᠲᠤᠨ ᠣᠴᠢᠪᠠᠯ ᠨᠢᠭᠡ ᠴᠢᠨᠣ᠎ᠠ ᠮᠣᠳᠣᠨ ᠤ᠋ ᠢᠷᠣᠭᠠᠯ ᠳ᠋ᠤ᠌ ᠬᠡᠪᠲᠡᠭᠡᠳ ᠮᠥᠴᠢᠷ ᠴᠡᠴᠡᠷᠡᠲᠡᠯ᠎ᠡ ᠬᠤᠷᠬᠢᠷᠠᠨ ᠤᠨᠲᠠᠵᠤ ᠪᠠᠢᠨ᠎ᠠ ᠭᠡᠨ᠎ᠡ᠃ ᠰᠠᠢᠨ ᠠᠵᠢᠭᠯᠠᠪᠠᠯ ᠲᠡᠭᠦᠨ ᠦ᠌ ᠭᠣᠯᠢᠢᠵᠤ ᠴᠦᠳᠡᠢᠭᠰᠡᠨ ᠭᠡᠳᠡᠰᠦᠨ ᠳᠣᠲᠣᠷ᠎ᠠ ᠨᠢ ᠶᠠᠮᠠᠷ ᠨᠢᠭᠡ ᠶᠠᠭᠤᠮ᠎ᠠ ᠬᠥᠳᠡᠯᠬᠦ ᠠᠵᠠᠢ᠃ 《ᠲᠩᠷᠢ ᠮᠢᠨᠢ᠂ ᠬᠡᠦᠬᠡᠳ ᠦ᠋ᠳ ᠮᠠᠨᠢ ᠠᠮᠢᠳᠤ ᠪᠠᠢᠭ᠎ᠠ ᠶᠤᠮ ᠪᠢᠰᠢ ᠤᠤ? ᠭᠡᠰᠡᠨ ᠪᠣᠳᠣᠯ ᠢᠮᠠᠭᠠᠨ ᠳ᠋ᠤ᠌ ᠲᠥᠷᠦᠵᠢ ᠢᠰᠢᠭᠡ ᠪᠡᠨ ᠭᠡᠷ ᠤᠷᠤᠭᠤ ᠪᠠᠨ ᠭᠦᠶᠦᠯᠭᠡᠵᠦ ᠤᠲᠠᠰᠤ᠂ ᠵᠡᠭᠦᠦ᠂ ᠬᠢᠲᠤᠭ᠎ᠠ ᠠᠪᠴᠢᠷᠠᠭᠤᠯᠵᠠᠢ᠃ ᠲᠡᠭᠡᠭᠡᠳ ᠤᠬᠠᠭᠠᠨ ᠦᠭᠡᠢ ᠤᠨᠲᠠᠵᠤ ᠪᠣᠢ ᠴᠢᠨᠣ᠎ᠠ ᠶ᠋ᠢᠨ ᠭᠡᠳᠡᠰᠦ ᠶ᠋ᠢ ᠵᠦᠰᠦᠵᠦ ᠣᠷᠭᠢᠲᠠᠯ᠎ᠠ ᠨᠢᠭᠡ ᠢᠰᠢᠭᠡᠨ ᠦ᠌ ᠲᠣᠯᠣᠭᠠᠢ ᠴᠤᠬᠤᠢᠯ᠎ᠠ ᠭᠡᠨ᠎ᠡ᠃ ᠭᠡᠳᠡᠰᠦ ᠶ᠋ᠢ ᠨᠢ ᠪᠦᠷ ᠲᠣᠮᠣ ᠵᠦᠰᠦᠲᠡᠯ᠎ᠡ ᠵᠢᠷᠭᠤᠭᠠᠨ ᠢᠰᠢᠭᠡ ᠨᠢ ᠠᠷᠤ ᠠᠷᠤ ᠠ᠋ᠴᠠ ᠪᠠᠨ ᠴᠤᠪᠤᠷᠠᠨ ᠭᠠᠷᠴᠤ ᠢᠷᠡᠵᠡᠢ᠃ ᠬᠣᠮᠣᠬᠠᠢ ᠴᠢᠨᠣ᠎ᠠ ᠰᠤᠪᠳᠠᠭᠯᠠᠬᠤ ᠳ᠋ᠠᠭᠠᠨ ᠬᠥᠭᠡᠷᠦᠬᠦᠢ ᠲᠡᠳᠡᠨ ᠢ᠋ ᠪᠦᠬᠦᠯᠢ ᠪᠦᠬᠦᠯᠢ ᠪᠡᠷ ᠨᠢ ᠵᠠᠯᠭᠢᠭᠰᠠᠨ ᠨᠢ ᠬᠠᠷᠢᠨ ᠴᠤ᠌ ᠠᠵᠠ ᠰᠢᠦ᠃ ᠢᠰᠢᠭᠡ ᠨᠦ᠍ᠭᠦᠳ ᠬᠠᠢᠷᠠᠲᠠᠢ ᠡᠵᠢ ᠪᠡᠨ ᠲᠡᠪᠡᠷᠢᠨ ᠦᠨᠦᠰᠴᠦ᠂ ᠬᠠᠯᠠᠭᠤᠨ ᠡᠩᠭᠡᠷ ᠲᠦ᠍ ᠨᠢ ᠡᠷᠬᠡᠯᠡᠨ ᠨᠠᠭᠠᠳᠴᠤ᠂ ᠪᠠᠶᠠᠷᠯᠠᠨ ᠳᠡᠪᠬᠡᠴᠡᠵᠦ ᠭᠡᠨ᠎ᠡ᠃ ᠡᠩᠬᠦᠷᠡᠢ ᠬᠣᠩᠭᠣᠷ ᠦᠷᠡᠰ ᠲᠡᠢ ᠪᠡᠨ ᠡᠰᠡᠨ ᠮᠡᠨᠳᠦ ᠠᠭᠤᠯᠵᠠᠭᠰᠠᠨ ᠳ᠋ᠠᠭᠠᠨ ᠪᠠᠶᠠᠷᠯᠠᠭᠰᠠᠨ ᠢᠮᠠᠭ᠎ᠠ ᠨᠢᠯᠪᠤᠰᠤ ᠪᠠᠨ ᠠᠷᠴᠢᠭᠠᠳ᠄
– ᠠᠯᠢᠪ ᠬᠡᠦᠬᠡᠳ ᠦ᠋ᠳ ᠮᠢᠨᠢ᠂ ᠴᠢᠯᠠᠭᠤ ᠲᠡᠭᠦᠭᠡᠳ ᠢᠷ᠎ᠡ᠃ ᠠᠶᠤᠮᠰᠢᠭᠲᠠᠢ ᠡᠨᠡ ᠠᠷᠢᠶᠠᠲᠠᠨ ᠢ᠋ ᠰᠡᠷᠡᠬᠦ ᠡᠴᠡ ᠨᠢ ᠡᠮᠦᠨ᠎ᠡ ᠭᠡᠳᠡᠰᠦᠨ ᠳ᠋ᠦ᠍ ᠨᠢ ᠴᠢᠯᠠᠭᠤ ᠴᠢᠬᠡᠭᠡᠳ ᠣᠶᠣᠴᠢᠬᠠᠶ᠎ᠠ ᠭᠡᠵᠡᠢ᠃
ᠢᠰᠢᠭᠡ ᠨᠦ᠍ᠭᠦᠳ ᠴᠦ᠍ ᠶᠠᠭᠠᠬᠢᠬᠤ ᠵᠢᠨ ᠵᠠᠭᠤᠷ᠎ᠠ ᠦᠭᠡᠢ ᠪᠠᠬᠠᠨ ᠴᠢᠯᠠᠭᠤ ᠲᠡᠭᠦᠵᠦ ᠢᠷᠡᠭᠡᠳ ᠴᠢᠨᠣ᠎ᠠ ᠶ᠋ᠢᠨ ᠭᠡᠳᠡᠰᠦᠨ ᠳ᠋ᠦ᠍ ᠪᠠᠭᠠᠳᠬᠤ ᠴᠢᠨᠡᠭᠡ ᠪᠡᠷ ᠨᠢ ᠴᠢᠬᠠᠵᠠᠢ᠃ ᠢᠮᠠᠭ᠎ᠠ ᠭᠡᠳᠡᠰᠦ ᠶ᠋ᠢ ᠨᠢ ᠣᠶᠣᠵᠤ ᠪᠠᠢᠬᠤ ᠳ᠋ᠤ᠌ ᠴᠢᠨᠣ᠎ᠠ ᠢᠷᠠᠭᠯᠠᠨ ᠵᠡᠭᠦᠳᠦᠯᠡᠭᠰᠡᠭᠡᠷ ᠯᠡ ᠤᠨᠲᠠᠵᠤ ᠪᠠᠢᠪᠠ ᠭᠡᠨ᠎ᠡ᠃ ᠤᠨᠲᠠᠵᠤ ᠤᠨᠲᠠᠵᠤ ᠨᠣᠢᠷ ᠨᠢ ᠬᠠᠨᠤᠭᠰᠠᠨ ᠴᠢᠨᠣ᠎ᠠ ᠪᠣᠰᠤᠭᠠᠳ ᠢᠷᠡᠵᠡᠢ᠃ ᠭᠡᠳᠡᠰᠦ ᠪᠡᠷ ᠨᠢ ᠳᠦᠭᠦᠷᠡᠩ ᠴᠢᠯᠠᠭᠤ ᠪᠠᠢᠭ᠎ᠠ ᠪᠣᠯᠬᠤ ᠪᠠᠷ ᠠᠮᠠ ᠨᠢ ᠶᠡᠬᠡ ᠴᠠᠩᠭᠠᠭᠰᠠᠨ ᠪᠠᠢᠵᠤ ᠭᠡᠨ᠎ᠡ᠃ ᠴᠢᠨᠣ᠎ᠠ ᠤᠰᠤ ᠤᠤᠭᠤᠬᠤ ᠪᠠᠷ ᠬᠤᠳᠳᠤᠭ ᠤᠷᠤᠭᠤ ᠶᠠᠪᠤᠯ᠎ᠠ᠃ ᠲᠡᠭᠦᠨ ᠦ᠌ ᠠᠯᠬᠤᠬᠤ ᠲᠤᠭᠤᠯᠠᠨ ᠳ᠋ᠤ᠌ ᠭᠡᠳᠡᠰᠦᠨ ᠳ᠋ᠡᠬᠢ ᠴᠢᠯᠠᠭᠤ ᠨᠤᠭᠤᠳ ᠨᠢ ᠬᠠᠷᠰᠢᠯᠳᠤᠨ ᠮᠥᠷᠭᠥᠯᠳᠦᠵᠦ ᠬᠥᠯ ᠨᠢ ᠭᠤᠢᠪᠢᠯᠠᠵᠤ ᠪᠠᠢᠵᠠᠢ᠃
ᠲᠡᠷᠡ ᠬᠤᠳᠳᠤᠭ ᠤᠷᠤᠭᠤ ᠣᠴᠢᠬᠤ ᠵᠠᠮ ᠳ᠋ᠠᠭᠠᠨ᠂
《ᠬᠣᠳᠣᠭᠣᠳᠣ ᠭᠡᠳᠡᠰᠦᠨ ᠳᠣᠲᠣᠷ᠎ᠠ ᠮᠠᠨᠢ
ᠬᠠᠷᠠᠰᠢᠨ ᠳᠤᠤᠭᠠᠷᠬᠤ ᠨᠢ ᠤᠤ ᠪᠣᠢ?
ᠵᠢᠷᠭᠤᠭᠠᠨ ᠢᠰᠢᠭᠡ ᠭᠡᠵᠦ ᠪᠣᠳᠣᠭᠰᠠᠨ ᠴᠢᠨᠢ
ᠴᠢᠯᠠᠭᠤ ᠰᠢᠪ ᠳᠡ᠂ ᠡᠴᠡᠪᠡᠰᠦ ᠭᠡᠵᠦ》 ᠥᠭᠡᠯᠡᠨ ᠥᠭᠡᠯᠡᠨ ᠶᠠᠪᠤᠵᠤ ᠭᠡᠨ᠎ᠡ᠃
ᠲᠡᠭᠡᠭᠡᠳ ᠴᠢᠨᠣ᠎ᠠ ᠬᠤᠳᠳᠤᠭ ᠤ᠋ᠨ ᠳᠡᠷᠭᠡᠳᠡ ᠣᠴᠢᠭᠠᠳ ᠤᠰᠤ ᠤᠤᠭᠤᠬᠤ ᠪᠠᠷ ᠲᠣᠩᠭᠣᠢᠲᠠᠯ᠎ᠠ ᠭᠡᠳᠡᠰᠦᠨ ᠳ᠋ᠡᠬᠢ ᠬᠦᠨᠳᠦ ᠴᠢᠯᠠᠭᠤᠨ ᠳ᠋ᠠᠭᠠᠨ ᠲᠠᠲᠠᠭᠳᠠᠨ ᠬᠤᠳᠳᠤᠭ ᠲᠤ᠌ ᠤᠨᠠᠵᠠᠢ᠃
ᠢᠰᠢᠭᠡ ᠨᠦ᠍ᠭᠦᠳ ᠲᠡᠭᠦᠨ ᠢ᠋ ᠣᠴᠢᠵᠤ ᠦᠵᠡᠭᠡᠳ᠄
– ᠴᠢᠨᠣ᠎ᠠ ᠦᠬᠡᠴᠢᠬᠡᠵᠡᠢ᠃ ᠴᠢᠨᠣ᠎ᠠ ᠦᠬᠡᠴᠢᠬᠡᠵᠡᠢ ᠭᠡᠮᠡᠨ ᠪᠠᠶᠠᠷᠯᠠᠨ ᠮᠠᠢᠯᠠᠯᠳᠤᠵᠤ ᠡᠵᠢ ᠲᠡᠢ ᠪᠡᠨ ᠬᠤᠳᠳᠤᠭ ᠲᠣᠭᠣᠷᠢᠨ ᠪᠥᠵᠢᠭᠯᠡᠵᠦ ᠪᠡᠶᠡᠰᠦᠨ ᠬᠥᠭᠵᠢᠯᠳᠦᠴᠢᠬᠡᠵᠡᠢ᠃ ᠢᠩᠭᠢᠭᠡᠳ ᠡᠷᠬᠡ ᠲᠠᠩᠬᠢᠯ ᠳᠣᠯᠣᠭᠠᠨ ᠢᠰᠢᠭᠡ ᠡᠵᠢ ᠲᠡᠢ ᠪᠡᠨ ᠬᠠᠮᠲᠤ ᠠᠶᠤᠬᠤ ᠠᠶᠤᠯ ᠦᠭᠡᠢ ᠠᠮᠤᠷ ᠰᠠᠢᠬᠠᠨ ᠵᠢᠷᠭᠠᠵᠤ ᠭᠡᠨ᠎ᠡ᠃