ᠵᠦᠢᠷ ᠰᠡᠴᠡᠨ ᠦᠭᠡ ᠵᠢᠨ ᠰᠤᠷᠭᠠᠯЗүйр цэцэн үгийн сургаал
ᠵᠦᠢᠷ ᠰᠡᠴᠡᠨ ᠦᠭᠡ ᠵᠢᠨ ᠰᠤᠷᠭᠠᠯ
ᠬᠥᠮᠦᠨ ᠬᠡᠳᠦᠢ ᠮᠡᠷᠭᠡᠨ ᠪᠣᠯᠪᠠᠴᠤ
ᠬᠡᠯᠡᠬᠦ ᠦᠭᠡᠢ ᠪᠣᠯ ᠮᠡᠳᠡᠬᠦ ᠦᠭᠡᠢ
ᠴᠠᠭᠠᠰᠤ ᠬᠡᠳᠦᠢ ᠨᠢᠮᠭᠡᠨ ᠪᠣᠯᠪᠠᠴᠤ
ᠴᠢᠴᠢᠬᠦ ᠦᠭᠡᠢ ᠪᠣᠯ ᠴᠣᠭᠣᠷᠠᠬᠤ ᠦᠭᠡᠢ᠂
ᠰᠡᠳᠬᠢᠯ ᠦ᠋ᠨ ᠰᠠᠢᠬᠠᠨ ᠬᠥᠮᠦᠨ ᠢ᠋ ᠴᠢᠮᠡᠳᠡᠭ
ᠪᠣᠳᠣᠯ ᠤ᠋ᠨ ᠰᠠᠢᠬᠠᠨ ᠲᠠᠷᠢᠬᠢ ᠶ᠋ᠢ ᠴᠢᠮᠡᠳᠡᠭ᠂
ᠳᠠᠷᠤᠤ ᠶᠠᠪᠤᠪᠠᠯ ᠲᠠᠪᠰᠢᠯᠲᠠ ᠲᠠᠢ
ᠪᠠᠷᠳᠠᠮ ᠶᠠᠪᠤᠪᠠᠯ ᠪᠠᠷᠴᠢᠳ ᠲᠠᠢ᠂
ᠦᠨᠡᠨ ᠦᠭᠡ ᠦᠨ᠎ᠡ ᠬᠦᠷᠦᠨ᠎ᠡ
ᠬᠤᠳᠠᠯ ᠦᠭᠡ ᠬᠣᠣᠷ ᠬᠦᠷᠦᠨ᠎ᠡ᠂
ᠭᠠᠭᠴᠠ ᠬᠥᠮᠦᠨ ᠠᠢᠯ ᠪᠣᠯᠬᠤ ᠦᠭᠡᠢ
ᠭᠠᠭᠴᠠ ᠮᠣᠳᠣ ᠭᠠᠯ ᠪᠣᠯᠬᠤ ᠦᠭᠡᠢ᠂
ᠠᠭᠤᠯᠠᠨ ᠤ᠋ ᠴᠢᠮᠡᠭ ᠮᠣᠳᠣ
ᠤᠬᠠᠭᠠᠨ ᠤ᠋ ᠴᠢᠮᠡᠭ ᠡᠷᠳᠡᠮ᠂
ᠪᠠᠷᠳᠠᠮ ᠳ᠋ᠤ᠌ ᠰᠠᠢᠨ ᠦᠭᠡᠢ
ᠪᠠᠩᠵᠠᠯ ᠳ᠋ᠤ᠌ ᠳᠤᠯᠠᠭᠠᠨ ᠦᠭᠡᠢ᠂
ᠰᠠᠢᠨ ᠰᠠᠨᠠᠭᠠᠨ ᠤ᠋ ᠦᠵᠦᠭᠦᠷ ᠰᠦ
ᠮᠠᠭᠤ ᠰᠠᠨᠠᠭᠠᠨ ᠤ᠋ ᠦᠵᠦᠭᠦᠷ ᠬᠦ᠂
ᠬᠥᠮᠦᠨ ᠬᠥᠮᠦᠨ ᠦ᠌ ᠬᠦᠴᠦᠨ ᠳ᠋ᠦ᠍
ᠵᠢᠭᠠᠰᠤ ᠤᠰᠤᠨ ᠤ᠋ ᠬᠦᠴᠦᠨ ᠳ᠋ᠦ᠍᠂
ᠬᠤᠳᠠᠯᠴᠢ ᠬᠡᠦᠬᠡᠳ ᠢ᠋ ᠠᠢᠯ ᠭᠣᠯᠣᠨ᠎ᠠ
ᠬᠤᠪᠠᠬᠠᠢ ᠮᠣᠳᠣ ᠶ᠋ᠢ ᠮᠣᠳᠣᠴᠢᠨ ᠭᠣᠯᠣᠨ᠎ᠠ᠂
ᠪᠣᠳᠣᠯᠭ᠎ᠠ ᠦᠭᠡᠢ ᠬᠥᠮᠦᠨ ᠤᠨᠲᠠᠩᠬᠠᠢ
ᠪᠤᠶᠠᠨ ᠦᠭᠡᠢ ᠬᠥᠮᠦᠨ ᠢᠳᠡᠮᠡᠬᠡᠢ᠂
ᠱᠠᠪᠢ ᠶ᠋ᠢᠨ ᠡᠷᠳᠡᠮ ᠪᠠᠭᠰᠢ ᠠ᠋ᠴᠠ
ᠵᠤᠯᠠ ᠶ᠋ᠢᠨ ᠭᠡᠷᠡᠯ ᠲᠣᠰᠣᠨ ᠠ᠋ᠴᠠ᠂
ᠠᠪᠤ ᠶ᠋ᠢᠨ ᠰᠤᠷᠭᠠᠯ ᠠᠯᠲᠠ
ᠡᠵᠢ ᠶ᠋ᠢᠨ ᠰᠤᠷᠭᠠᠯ ᠡᠷᠳᠡᠨᠢ᠂
ᠡᠶ᠎ᠡ ᠲᠡᠢ ᠬᠥᠮᠦᠨ ᠨᠥᠬᠥᠷ ᠣᠯᠠᠨ
ᠡᠶ᠎ᠡ ᠦᠭᠡᠢ ᠬᠥᠮᠦᠨ ᠦᠰᠲᠡᠨ ᠣᠯᠠᠨ᠂
ᠴᠠᠭ ᠤ᠋ᠨ ᠰᠠᠢᠬᠠᠨ ᠬᠠᠪᠤᠷ ᠲᠤ᠌
ᠨᠠᠰᠤᠨ ᠤ᠋ ᠰᠠᠢᠬᠠᠨ ᠵᠠᠯᠠᠭᠤ ᠳ᠋ᠤ᠌᠂
ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ
ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ᠂
ᠣ ᠲᠠᠢ ᠣᠢᠷᠠᠲᠤᠪᠠᠯ ᠴᠠᠭᠠᠨ
ᠬᠦ ᠲᠡᠢ ᠣᠢᠷᠠᠲᠤᠪᠠᠯ ᠬᠠᠷ᠎ᠠ᠂
ᠰᠠᠢᠨ ᠰᠠᠨᠠᠭ᠎ᠠ ᠲᠠᠯ᠎ᠠ ᠶ᠋ᠢ ᠲᠣᠭᠣᠷᠢᠨ᠎ᠠ
ᠮᠠᠭᠤ ᠰᠠᠨᠠᠭ᠎ᠠ ᠪᠡᠶ᠎ᠡ ᠶ᠋ᠢ ᠣᠷᠢᠶᠠᠨ᠎ᠠ᠂
ᠬᠡᠯᠡᠪᠡᠯ ᠦᠭᠡ ᠭᠢᠰᠬᠢᠪᠡᠯ ᠭᠠᠵᠠᠷ᠃
ᠢᠷᠡᠯᠲᠡ᠄ ᠰᠦᠯᠵᠢᠶᠡᠨ ᠡᠴᠡ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ ᠄ ᠴᠢ · ᠤᠷᠠᠨᠴᠡᠴᠡᠭ
ᠬᠢᠨᠠᠯᠲᠠ ᠄ ᠮᠣᠩᠭᠣᠯ ᠰᠦᠨᠡᠰᠦ ᠂ᠡᠩᠬᠡᠮᠡᠨᠳᠦ᠂ ᠮᠥᠴᠢᠷ᠂ᠰᠡᠴᠡᠨᠴᠢᠮᠡᠭ
