ᠦᠬᠡᠷ ᠦ᠋ᠨ ᠠᠮᠠᠨ ᠬᠦᠵᠦᠭᠦᠦ᠂ ᠲᠠᠬᠢᠯ ᠲᠣᠭᠣᠭᠠᠨ ᠤ᠋ ᠢᠷᠥᠭᠡᠯ -ᠬᠡᠷᠡᠢᠳ ᠪᠠ᠊ ᠬᠡᠢᠷᠦᠪҮхрийн аман хүзүү, дахил тогооны ерөөл-Хэрэйд Б·Хийрүб
ᠦᠬᠡᠷ ᠦ᠋ᠨ ᠠᠮᠠᠨ ᠬᠦᠵᠦᠭᠦᠦ᠂ ᠲᠠᠬᠢᠯ ᠲᠣᠭᠣᠭᠠᠨ ᠤ᠋ ᠢᠷᠦᠭᠡᠯ
ᠬᠡᠷᠡᠢᠳ ᠪᠡ᠊᠂ ᠬᠡᠢᠷᠦᠪ
ᠤᠸᠮ ᠠ᠋ ᠬᠣᠩ! ᠤᠸᠮ ᠠ᠋ ᠬᠣᠩ !
ᠤᠸᠮ ᠰᠠᠢᠨ ᠠᠮᠤᠭᠤᠯᠠᠩ ᠲᠠᠨ ᠪᠣᠯᠲᠤᠭᠠᠢ!
ᠡᠷᠲᠡ ᠢᠵᠠᠭᠤᠷ ᠴᠠᠭ ᠠ᠋ᠴᠠ ᠤᠯᠠᠮᠵᠢᠯᠠᠵᠤ ᠢᠷᠡᠭᠰᠡᠨ
ᠡᠪᠦᠯ ᠴᠠᠭ ᠤ᠋ᠨ ᠦᠭᠦᠴᠡ ᠨᠥᠭᠡᠴᠡ ᠭᠠᠷᠭᠠᠬᠤ ᠳ᠋ᠠᠭᠠᠨ
ᠡᠪᠦᠭᠡᠳ ᠬᠥᠭᠰᠢᠳ ᠭᠡᠷ ᠪᠦᠭᠦᠳᠡᠭᠡᠷ ᠢ᠋ᠶ᠋ᠡᠨ
ᠠᠷᠢᠭᠤᠨ ᠭᠠᠯ ᠢ᠋ᠶ᠋ᠠᠨ ᠨᠣᠴᠣᠭᠠᠵᠤ
ᠭᠠᠯ ᠲᠠᠬᠢᠬᠤ ᠳ᠋ᠠᠭᠠᠨ
ᠠᠮᠠᠨ ᠤ᠋ ᠢᠷᠦᠭᠡᠯ ᠢ᠋ᠶ᠋ᠡᠨ ᠬᠡᠯᠡᠵᠦ
ᠠᠯᠢᠪᠠ ᠪᠦᠬᠦᠨ ᠢ᠋ᠶ᠋ᠡᠨ
ᠠᠯᠠᠭ᠎ᠠ ᠬᠠᠪᠰᠤᠷᠤᠨ ᠳᠠᠭᠠᠳᠬᠠᠵᠤ ᠢᠷᠥᠭᠡᠬᠦ ᠳ᠋ᠡᠭᠡᠨ
ᠤᠨᠠᠭᠠᠭᠰᠠᠨ ᠭᠠᠵᠠᠷ ᠠ᠋ᠴᠠ ᠨᠢ ᠪᠤᠯᠠᠭ ᠤᠰᠤ ᠪᠤᠷᠭᠢᠯᠤᠨ
ᠠᠯᠠᠭᠰᠠᠨ ᠭᠠᠵᠠᠷ ᠠ᠋ᠴᠠ ᠨᠢ ᠨᠠᠪᠴᠢ ᠴᠡᠴᠡᠭ ᠳᠡᠯᠭᠡᠷᠡᠵᠦ
ᠠᠯᠠᠭ ᠲᠡᠷᠯᠡᠨ ᠤᠯᠠᠭᠠᠨ ᠦᠬᠡᠷ ᠦ᠋ᠳ ᠨᠢ
ᠠᠷᠪᠢᠨ ᠵᠤᠵᠠᠭᠠᠨ ᠥᠰᠬᠦ ᠪᠣᠯᠲᠤᠭᠠᠢ!
ᠲᠠᠬᠢᠯ ᠲᠣᠭᠣᠭᠠᠨ ᠤ᠋ ᠮᠢᠬ᠎ᠠ ᠪᠠᠨ
ᠲᠣᠭᠣᠭ᠎ᠠ ᠳᠦᠭᠦᠷᠡᠩ ᠴᠢᠨᠠᠵᠤ ᠪᠣᠯᠭᠣᠭᠠᠳ
ᠳᠠᠬᠢᠨ ᠳᠠᠬᠢᠨᠲᠠ ᠭᠤᠷᠪᠠ ᠤᠳᠠᠭ᠎ᠠ
ᠳᠡᠭᠡᠵᠢᠯᠡᠨ ᠠᠪᠴᠤ
ᠲᠩᠷᠢ ᠪᠤᠷᠬᠠᠨ᠂ ᠴᠢᠩᠭᠢᠰ ᠪᠣᠭᠳᠠ ᠳ᠋ᠠᠭᠠᠨ
ᠡᠷᠭᠦᠨ ᠰᠠᠴᠤᠵᠤ
ᠠᠮᠠᠨ ᠬᠦᠵᠦᠭᠦᠦ᠂ ᠪᠦᠳᠦᠷᠬᠡᠢ①᠂ ᠪᠣᠭᠣᠨᠢ ᠬᠠᠪᠢᠰᠤ
ᠠᠷᠴᠠ ᠬᠦᠵᠢ᠂ ᠽᠠᠨᠳᠠᠨ ᠬᠥᠬᠥᠯ ᠨᠡᠢᠯᠡᠭᠦᠯᠦᠨ
ᠠᠷᠢᠭᠤᠳᠬᠠᠯ ᠤ᠋ᠨ ᠠᠷᠴᠠ ᠪᠠᠷ ᠠᠷᠢᠭᠤᠳᠬᠠᠯ ᠬᠢᠵᠦ
ᠠᠯᠲᠠᠨ ᠭᠠᠯ ᠤ᠋ᠨ ᠡᠬᠡ ᠪᠡᠨ ᠬᠥᠭᠵᠢᠭᠡᠨ ᠲᠠᠬᠢᠮᠤᠢ!
ᠲᠣᠭᠣᠨᠣᠲᠤ ᠭᠡᠷ ᠦ᠋ᠨ ᠢ᠋ᠶ᠋ᠡᠨ ᠲᠤᠯᠭᠠᠨ ᠭᠠᠯ ᠢ᠋ᠶ᠋ᠠᠨ ᠨᠣᠴᠣᠭᠠᠵᠤ
ᠲᠣᠭ᠎ᠠ ᠶᠣᠰᠣᠭᠠᠷ ᠠᠮᠠᠨ ᠬᠦᠵᠦᠭᠦᠦ᠂
ᠠᠷᠴᠠ ᠬᠦᠵᠢ ᠳᠣᠲᠠᠯ ᠦᠭᠡᠢ
ᠪᠦᠬᠦᠨ ᠢ᠋ ᠪᠦᠷᠢᠯᠳᠦᠭᠦᠯᠦᠨ ᠪᠡᠯᠡᠳᠬᠡᠵᠦ
ᠲᠣᠯᠣᠭᠠᠢ ᠮᠥᠷᠭᠥᠨ ᠨᠠᠮᠠᠨᠴᠢᠯᠠᠨ ᠳᠠᠭᠠᠳᠬᠠᠵᠤ ᠲᠠᠬᠢᠮᠤᠢ!
ᠵᠠ ᠠ᠋!
ᠬᠣᠮᠪᠣᠩ ᠡᠪᠡᠷ ᠲᠡᠢ ᠬᠤᠸᠠ ᠦᠬᠡᠷ ᠦ᠋ᠳ ᠨᠢ
ᠬᠣᠶᠠᠷ ᠭᠤᠷᠪᠠᠨ ᠵᠠᠭᠤ ᠪᠠᠷ ᠦᠷᠡᠵᠢᠵᠦ ᠥᠰᠴᠦ
ᠬᠣᠭᠣᠯᠠᠢ ᠪᠤᠯᠠᠭ ᠤ᠋ᠨ ᠤᠰᠤᠨ ᠠ᠋ᠴᠠ ᠤᠮᠳᠠᠯᠠᠨ
ᠬᠤᠯᠤᠰᠤᠨ ᠴᠠᠢᠳᠠᠮ ᠳ᠋ᠠᠭᠠᠨ ᠳᠦᠭᠦᠷᠡᠩ ᠪᠡᠯᠴᠢᠵᠦ
ᠤᠳᠤᠮ ᠰᠠᠢᠲᠠᠢ ᠤᠯᠠᠭᠠᠨ ᠦᠬᠡᠷ ᠦ᠋ᠳ ᠨᠢ
ᠣᠳᠣᠨ ᠮᠡᠴᠢᠳ ᠰᠢᠭ ᠵᠤᠵᠠᠭᠠᠷᠠᠵᠤ
ᠣᠷᠳᠣᠰ ᠨᠤᠲᠤᠭ ᠤ᠋ᠨ ᠰᠠᠬᠤᠯᠢᠭ ᠪᠡᠯᠴᠢᠭᠡᠷ ᠲᠦ᠍
ᠤᠳᠠᠭᠠᠨ ᠣᠨ ᠢ᠋ᠶ᠋ᠠᠷ ᠲᠣᠭᠲᠠᠭᠤᠨ ᠦᠷᠡᠵᠢᠲᠦᠭᠡᠢ!
ᠬᠠᠷ᠎ᠠ ᠲᠠᠷᠯᠠᠨ ᠰᠠᠭᠠᠯᠢ ᠶ᠋ᠢᠨ ᠦᠨᠢᠶᠡᠳ ᠨᠢ
ᠬᠠᠩᠭᠠᠢ ᠲᠠᠯ᠎ᠠ᠂ ᠲᠣᠷᠭᠠᠨ ᠪᠡᠯᠴᠢᠭᠡᠷ ᠲᠡᠭᠡᠨ
ᠬᠠᠪᠤᠷ ᠵᠤᠨ ᠳᠥᠷᠪᠡᠨ ᠤᠯᠠᠷᠢᠯ ᠢ᠋ᠶ᠋ᠠᠷ
ᠬᠠᠮᠤᠭ ᠰᠠᠢᠬᠠᠨ ᠢᠳᠡᠰᠢᠯᠡᠨ ᠠᠮᠢᠳᠤᠷᠠᠵᠤ
ᠮᠢᠯᠠᠩ ᠡᠪᠡᠷ ᠲᠡᠢ ᠭᠤᠨᠠᠨ ᠦᠬᠡᠷ ᠦ᠋ᠳ ᠨᠢ
ᠮᠢᠩᠭ᠎ᠠ ᠮᠢᠩᠭ᠎ᠠ ᠪᠠᠷ ᠥᠰᠴᠦ
ᠬᠣᠮᠪᠣᠩ ᠡᠪᠡᠷ ᠲᠡᠢ ᠭᠤᠨᠵᠢᠨ ᠦᠬᠡᠷ ᠦ᠋ᠳ ᠨᠢ
ᠬᠣᠭᠣᠯᠠᠢ ᠬᠣᠭᠣᠯᠠᠢ ᠦᠷᠡᠵᠢᠵᠦ
ᠲᠥᠷᠥ ᠲᠦᠮᠡᠨ ᠢ᠋ᠶ᠋ᠡᠨ ᠪᠠᠶᠠᠰᠬᠠᠨ ᠪᠠᠶᠠᠵᠢᠭᠤᠯᠵᠤ
ᠲᠦᠪᠰᠢᠨ ᠠᠮᠤᠷ ᠴᠡᠩᠭᠡᠨ ᠵᠢᠷᠭᠠᠬᠤ ᠶ᠋ᠢᠨ
ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
2012 ᠣᠨ ᠤ᠋6 ᠰᠠᠷᠠᠢᠨ1 ᠦ᠌ ᠡᠳᠦᠷ— ᠬᠡᠷᠡᠢᠳ᠂ ᠪᠠ᠊ ᠬᠡᠢᠷᠦᠪ ᠨᠠᠢᠷᠠᠭᠤᠯᠤᠨ ᠪᠢᠴᠢᠪᠡ᠃
① ᠡᠪᠴᠢᠭᠦᠨ ᠦ᠌ ᠲᠦᠷᠦᠭᠦᠦ ᠶ᠋ᠢᠨ ᠶᠠᠰᠤᠨ ᠃
2024 ᠣᠨ ᠤ᠋12 ᠰᠠᠷ᠎ᠠ ᠶ᠋ᠢᠨ15 ᠳ᠋ᠤ᠌ ᠦᠰᠦᠭ ᠠᠮᠢᠯᠠᠭᠤᠯᠤᠭᠴᠢ᠄ ᠬᠡᠷᠡᠢᠳ ᠵᠤᠯᠵᠢᠷᠭᠠᠯ
ᠦᠰᠦᠭ ᠬᠢᠨᠠᠭᠴᠢ᠄ ᠨᠠᠷᠠᠨ
ᠦᠰᠦᠭ ᠬᠠᠲᠠᠭᠴᠢ ᠢᠷᠥᠭᠡᠵᠦ ᠤᠶᠠᠩᠭᠠᠯᠠᠭᠰᠠᠨ᠄ ᠬᠡᠷᠡᠢᠳ ᠨᠠᠷᠠᠰᠤ
ᠬᠢᠨᠠᠭᠴᠢ᠄ ᠨᠠᠷᠠᠨ᠂ ᠰᠡᠴᠡᠨᠭᠡᠷᠡᠯ
