ᠴᠡᠭᠡᠨ ᠨᠠᠭᠤᠷ ᠤ᠋ᠨ ᠬᠤᠨ -ᠰᠣᠳᠤᠰᠡᠴᠡᠨTsegeen nuuryn khun-Sodstsan Цэгээн нуурын хун-Содсцан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠭᠡᠨ ᠨᠠᠭᠤᠷ ᠤ᠋ᠨ ᠬᠤᠨ -ᠰᠣᠳᠤᠰᠡᠴᠡᠨTsegeen nuuryn khun-Sodstsan Цэгээн нуурын хун-Содсцан

ᠴᠡᠭᠡᠨ ᠨᠠᠭᠤᠷ ᠤ᠋ᠨ ᠬᠤᠨ -ᠰᠣᠳᠤᠰᠡᠴᠡᠨTsegeen nuuryn khun-Sodstsan Цэгээн нуурын хун-Содсцан

ᠠᠩᠭᠢᠯᠠᠯ:ᠳᠠᠭᠤᠤ ᠬᠥᠭᠵᠢᠮ
2026-05-25

804

ᠴᠡᠭᠡᠨ ᠨᠠᠭᠤᠷ ᠤ᠋ᠨ ᠬᠤᠨ


         ᠦᠭᠡ᠄ ᠨᠠᠰᠤᠨ 
         ᠠᠶ᠎ᠠ᠄ ᠤᠯᠠᠭᠠᠨᠲᠤᠭ 
         ᠳᠠᠭᠤᠴᠢᠨ᠄ ᠰᠣᠳᠤᠰᠡᠴᠡᠨ   

ᠬᠠᠯᠭᠢᠭᠤᠬᠠᠨ ᠴᠡᠭᠡᠨ ᠨᠠᠭᠤᠷ ᠮᠢᠨᠢ ᠬᠠᠢᠷ᠎ᠠ ᠪᠠᠷ ᠪᠢᠯᠬᠠᠷᠠᠭ᠎ᠠ ᠤᠤ 
ᠬᠠᠩᠭᠠᠢ ᠨᠢᠯᠬᠠᠷᠠᠲᠠᠯ᠎ᠠ ᠭᠠᠩᠭᠠᠨᠠᠨ ᠭᠠᠩᠭᠠᠨᠠᠭᠠᠳ ᠬᠤᠨ ᠨᠢ ᠴᠢᠭᠤᠯᠭ᠎ᠠ ᠤᠤ 
ᠤᠳᠠᠭᠠᠨ ᠬᠦᠯᠢᠶᠡᠭᠰᠡᠨ ᠰᠡᠳᠬᠢᠯ ᠦ᠋ᠨ ᠮᠢᠨᠢ ᠬᠥᠳᠡᠭᠡ ᠶ᠋ᠢ ᠪᠠᠶᠠᠰᠬᠠᠭᠠᠳ 
ᠤᠴᠠᠷᠠᠯ ᠪᠦᠷᠢᠳᠬᠦ ᠨᠤᠲᠤᠭ ᠤ᠋ᠨ ᠮᠢᠨᠢ ᠮᠠᠩᠨᠠᠢ ᠶ᠋ᠢ ᠲᠡᠨᠢᠢᠯᠭᠡᠭᠡ ᠤᠤ 
ᠴᠡᠩᠬᠡᠬᠦᠬᠡᠨ ᠴᠡᠭᠡᠨ ᠨᠠᠭᠤᠷ ᠮᠢᠨᠢ ᠳᠠᠭᠤᠤ ᠪᠠᠨ ᠠᠶᠠᠯᠤᠭ᠎ᠠ ᠤᠤ 
ᠴᠡᠴᠡᠭᠡᠰ ᠳᠡᠯᠭᠡᠷᠡᠲᠡᠯ᠎ᠡ ᠲᠠᠪᠢᠨ ᠳᠡᠪᠢᠭᠡᠳ ᠬᠤᠨ ᠨᠢ ᠪᠥᠵᠢᠭᠯᠡᠭᠡ ᠤᠤ 
ᠠᠮᠤᠭᠤᠯᠠᠩ ᠢᠪᠡᠭᠡᠭᠰᠡᠨ ᠪᠣᠳᠣᠯ ᠤ᠋ᠨ ᠮᠢᠨᠢ ᠲᠠᠯ᠎ᠠ ᠶ᠋ᠢ ᠵᠢᠷᠭᠠᠭᠠᠭᠠᠳ 
ᠠᠵᠠ ᠲᠡᠳᠬᠦᠬᠦ ᠨᠤᠲᠤᠭ ᠤ᠋ᠨ ᠮᠢᠨᠢ ᠬᠡᠢᠮᠣᠷᠢ ᠶ᠋ᠢ ᠰᠡᠷᠭᠦᠭᠡᠭᠡ ᠤᠤ

ᠠᠢ ᠬᠦ ᠴᠡᠭᠡᠨ ᠨᠠᠭᠤᠷ ᠤ᠋ᠨ ᠬᠤᠨ ᠮᠢᠨᠢ
ᠴᠡᠭᠡᠨ ᠨᠠᠭᠤᠷ ᠤ᠋ᠨ ᠤᠰᠤ ᠪᠠᠨ ᠰᠠᠨᠠᠨ ᠰᠠᠨᠠᠨ ᠢᠷᠡᠭᠡᠷᠡᠢ
ᠴᠡᠴᠡᠭ ᠦ᠋ᠨ ᠭᠠᠩᠭᠠᠩ ᠰᠠᠷ᠎ᠠ ᠳ᠋ᠠᠭᠠᠨ ᠰᠠᠭᠠᠳᠠᠨ ᠰᠠᠭᠠᠳᠠᠨ ᠵᠢᠷᠭᠠᠭᠠᠷᠠᠢ

ᠤᠶᠠᠷᠠᠭᠤᠬᠠᠨ ᠴᠡᠭᠡᠨ ᠨᠠᠭᠤᠷ ᠮᠢᠨᠢ ᠢᠷᠦᠭᠡᠯ ᠢ᠋ᠶ᠋ᠡᠨ ᠬᠠᠢᠷᠠᠯᠠᠭ᠎ᠠ ᠤᠤ
ᠠᠭᠤᠯᠠᠰ ᠪᠤᠭᠤᠷᠤᠯᠲᠤᠲᠠᠯ᠎ᠠ ᠵᠡᠯᠡᠯᠡᠨ ᠵᠡᠯᠡᠯᠡᠭᠡᠳ ᠬᠤᠨ ᠨᠢ ᠬᠣᠷᠭᠣᠳᠠᠭ᠎ᠠ ᠤᠤ
ᠳᠤᠷᠠᠰᠤᠮᠵᠢ ᠬᠦᠪᠦᠷᠡᠭᠰᠡᠨ ᠬᠦᠰᠡᠯ ᠦ᠋ᠨ ᠮᠢᠨᠢ ᠲᠩᠷᠢ ᠶ᠋ᠢ ᠠᠷᠭᠠᠳᠠᠭᠠᠳ
ᠳᠠᠭᠤᠯᠠᠵᠤ ᠤᠬᠠᠭᠠᠷᠠᠬᠤ ᠨᠤᠲᠤᠭ ᠤ᠋ᠨ ᠮᠢᠨᠢ ᠪᠠᠷ᠎ᠠ ᠳ᠋ᠤ᠌ ᠲᠠᠯᠠᠯᠤᠭ᠎ᠠ ᠤᠤ

ᠠᠢ ᠬᠦ ᠴᠡᠭᠡᠨ ᠨᠠᠭᠤᠷ ᠤ᠋ᠨ ᠬᠤᠨ ᠮᠢᠨᠢ
ᠴᠡᠭᠡᠨ ᠨᠠᠭᠤᠷ ᠤ᠋ᠨ ᠤᠰᠤ ᠪᠠᠨ ᠰᠠᠨᠠᠨ ᠰᠠᠨᠠᠨ ᠢᠷᠡᠭᠡᠷᠡᠢ
ᠴᠡᠴᠡᠭ ᠦ᠋ᠨ ᠭᠠᠩᠭᠠᠩ  ᠰᠠᠷ᠎ᠠ ᠳ᠋ᠠᠭᠠᠨ ᠰᠠᠭᠠᠲᠠᠨ ᠰᠠᠭᠠᠲᠠᠨ ᠵᠢᠷᠭᠠᠭᠠᠷᠠᠢ
ᠴᠡᠴᠡᠭ ᠦ᠋ᠨ  ᠭᠠᠩᠭᠠᠩ ᠰᠠᠷ᠎ᠠ ᠳ᠋ᠠᠭᠠᠨ ᠰᠠᠭᠠᠳᠠᠨ ᠰᠠᠭᠠᠳᠠᠨ ᠵᠢᠷᠭᠠᠭᠠᠷᠠᠢ

       ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
       ᠦᠰᠦᠭ ᠬᠠᠳᠠᠭᠴᠢ᠄ ᠪᠠᠢ᠂ ᠰᠠᠷᠠᠨ᠎ᠠ
       ᠬᠢᠨᠠᠭᠴᠢ᠄ ᠰᠣᠨᠢᠨᠪᠠᠶᠠᠷ