ᠮᠠᠯᠴᠢᠨ ᠬᠥᠮᠦᠨ ᠦ᠌ ᠲᠤᠬᠠᠢ ᠭᠤᠷᠪᠠᠨ ᠪᠠᠳᠠᠭ - ᠴᠠ᠊᠂ ᠪᠠᠲᠤМалчин хүний тухай гураван бадаг-Ц,Бат ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠬᠥᠮᠦᠨ ᠦ᠌ ᠲᠤᠬᠠᠢ ᠭᠤᠷᠪᠠᠨ ᠪᠠᠳᠠᠭ - ᠴᠠ᠊᠂ ᠪᠠᠲᠤМалчин хүний тухай гураван бадаг-Ц,Бат

ᠮᠠᠯᠴᠢᠨ ᠬᠥᠮᠦᠨ ᠦ᠌ ᠲᠤᠬᠠᠢ ᠭᠤᠷᠪᠠᠨ ᠪᠠᠳᠠᠭ - ᠴᠠ᠊᠂ ᠪᠠᠲᠤМалчин хүний тухай гураван бадаг-Ц,Бат

2024-12-30

5385

ᠮᠠᠯᠴᠢᠨ ᠬᠥᠮᠦᠨ ᠦ᠌ ᠲᠤᠬᠠᠢ ᠭᠤᠷᠪᠠᠨ ᠪᠠᠳᠠᠭ

      ᠴᠠ‍ ᠪᠠᠲᠤ 
1 ᠮᠠᠯᠴᠢᠨ ᠬᠥᠮᠦᠨ 
ᠮᠣᠩᠭᠣᠯ ᠤ᠋ᠨ ᠲᠤᠯᠭᠠᠭᠤᠷᠢ ᠪᠣᠯᠳᠠᠭ ᠨᠢᠭᠡᠨ ᠰᠠᠯᠠᠭ᠎ᠠ ᠬᠥᠮᠦᠰ ᠢ᠋ ᠮᠠᠯᠴᠢᠨ ᠬᠥᠮᠦᠨ ᠭᠡᠳᠡᠭ ᠃
ᠮᠠᠯ ᠢ᠋ᠶ᠋ᠠᠨ ᠬᠠᠷᠢᠭᠤᠯᠠᠵᠤ ᠮᠢᠬ᠎ᠠ ᠦᠢᠯᠡᠳᠪᠦᠷᠢᠯᠡᠳᠡᠭ ᠂ ᠠᠭᠤᠤ ᠶᠡᠬᠡ ᠬᠥᠳᠡᠯᠮᠦᠷᠢᠴᠢᠨ ᠢ᠋ ᠮᠠᠯᠴᠢᠨ ᠬᠥᠮᠦᠨ ᠭᠡᠳᠡᠭ ᠃
ᠮᠣᠩᠭᠣᠯ ᠰᠣᠶᠣᠯ ᠤ᠋ᠨ ᠮᠥᠩᠬᠡ ᠭᠠᠯ ᠢ᠋ ᠂ ᠮᠢᠩᠭᠠᠨ ᠵᠢᠯ ᠢ᠋ᠶ᠋ᠡᠷ ᠨᠣᠴᠣᠭᠠᠵᠤ ᠢᠷᠡᠭᠰᠡᠨ ᠬᠥᠮᠦᠰ ᠢ᠋ ᠮᠠᠯᠴᠢᠨ ᠬᠥᠮᠦᠨ ᠭᠡᠳᠡᠭ ᠃
ᠮᠣᠩᠭᠣᠯ ᠡᠬᠡ ᠬᠡᠯᠡ ᠰᠡᠳᠬᠢᠬᠦᠢ ᠳ᠋ᠦ᠍ ᠂ ᠮᠣᠷᠢᠨ ᠭᠦᠶᠦᠳᠡᠯ ᠢ᠋ᠶ᠋ᠡᠷ ᠴᠠᠬᠢᠯᠭᠠᠨ ᠴᠡᠨᠡᠭᠯᠡᠳᠡᠭ ᠡᠷᠳᠡᠮᠲᠡᠨ ᠢ᠋ ᠮᠠᠯᠴᠢᠨ ᠬᠥᠮᠦᠨ ᠭᠡᠳᠡᠭ ᠃
ᠮᠠᠯᠴᠢᠨ ᠬᠥᠮᠦᠨ ᠢ᠋ ᠦᠯᠦ ᠲᠣᠭᠣᠮᠰᠤᠷᠯᠠᠬᠤ ᠪᠣᠯ᠂ ᠣᠳᠣᠬᠢ ᠨᠡᠢᠭᠡᠮ ᠦ᠋ᠨ ᠪᠠᠰᠠ ᠨᠢᠭᠡᠨ ᠬᠠᠷᠠᠩᠭᠤᠢ ᠨᠢ ᠶᠤᠮ ᠃
ᠮᠢᠬ᠎ᠠ ᠶ᠋ᠢ ᠨᠢ ᠢᠳᠡᠵᠦ ᠂ ᠱᠥᠯᠥ ᠶ᠋ᠢ ᠨᠢ ᠤᠤᠭᠤᠵᠤ᠂ ᠡᠵᠡᠨ ᠢ᠋ ᠨᠢ ᠭᠣᠯᠣᠬᠤ ᠪᠣᠯ ᠥᠨᠥᠳᠥᠷ ᠦ᠋ᠨ ᠪᠠᠰᠠ ᠨᠢᠭᠡᠨ ᠮᠤᠩᠬᠠᠭ ᠲᠠᠯ᠎ᠠ ᠨᠢ ᠶᠤᠮ ᠃
ᠮᠠᠩᠨᠤᠭ ᠲᠠᠯ᠎ᠠ ᠶ᠋ᠢ ᠮᠠᠯᠲᠠᠵᠤ ᠂ ᠮᠠᠯ ᠰᠦᠷᠦᠭ ᠢ᠋ ᠬᠣᠷᠢᠬᠤ ᠪᠤᠯ ᠲᠥᠷᠥ ᠶᠢᠨ ᠪᠣᠳᠣᠯᠭ᠎ᠠ ᠶ᠋ᠢᠨ ᠪᠠᠰᠠ ᠨᠢᠭᠡᠨ ᠡᠨᠳᠡᠭᠦᠷᠡᠯ ᠨᠢ ᠶᠤᠮ ᠃
ᠮᠤᠩᠬᠠᠷᠠᠵᠤ ᠶᠠᠪᠤᠭ᠎ᠠ ᠪᠣᠯ ᠪᠦᠷ ᠮᠠᠯᠴᠢᠨ ᠠᠷᠠᠳ ᠠ᠋ᠴᠠ ᠪᠣᠯᠤᠯ᠎ᠠ ᠭᠡᠳᠡᠭ ᠪᠣᠯ ᠂ ᠣᠳᠣ ᠶ᠋ᠢᠨ ᠬᠠᠮᠤᠭ ᠤ᠋ᠨ ᠠᠳᠠᠭ ᠬᠡᠯᠡᠯᠭᠡ ᠨᠢ ᠶᠤᠮ ᠃
ᠪᠡᠯᠴᠢᠭᠡᠷ ᠲᠦᠰᠢᠵᠦ ᠮᠠᠯᠵᠢᠬᠤ ᠨᠢ ᠂ ᠪᠡᠷᠬᠡᠰᠢᠶᠡᠯ ᠳ᠋ᠦ᠍ ᠲᠤᠯᠭᠠᠷᠠᠵᠤ ᠪᠠᠢᠬᠤ ᠪᠣᠯ ᠦᠨᠡᠨ ᠶᠠᠪᠤᠳᠠᠯ ᠠ᠋ !
ᠪᠡᠶ᠎ᠡ ᠪᠡᠷ ᠢ᠋ᠶ᠋ᠡᠨ ᠴᠢᠷᠮᠠᠢᠭᠠᠳ ᠂ ᠪᠣᠳᠠᠲᠠᠢ ᠣᠷᠣᠯᠭ᠎ᠠ ᠣᠯᠬᠤ ᠦᠭᠡᠢ ᠨᠢ ᠪᠠᠰᠠ ᠦᠨᠡᠨ ᠬᠥᠭᠡᠷᠦᠬᠦᠢ ᠠ᠋ !
ᠪᠤᠷᠤᠭᠤ ᠵᠥᠪ ᠣᠯᠠᠨ ᠬᠤᠪᠢᠰᠤᠯ ᠲᠠᠢ ᠪᠠᠢᠳᠠᠭ ᠂ ᠥᠨᠥ ᠶ᠋ᠢᠨ ᠨᠡᠢᠭᠡᠮ ᠳ᠋ᠦ᠍ ᠪᠣᠰᠴᠤ ᠵᠣᠭᠰᠣᠬᠤ ᠳ᠋ᠤ᠌ ᠪᠠᠰᠠ ᠨᠡᠭᠡᠷᠡᠨ ᠬᠦᠴᠢᠷᠲᠡᠢ
ᠪᠤᠷᠬᠠᠨ ᠰᠡᠳᠬᠢᠯᠲᠦ ᠮᠠᠯᠴᠢᠨ ᠳ᠋ᠤ᠌ ᠪᠣᠷᠣᠭᠠᠨ ᠪᠠᠰᠠ ᠣᠷᠣᠬᠤ ᠦᠭᠡᠢ ᠂ ᠪᠡᠯᠴᠢᠭᠡᠷ ᠪᠠᠰᠠ ᠤᠷᠭᠤᠬᠤ ᠦᠭᠡᠢ ᠶ᠋ᠢ ᠶᠠᠭᠠᠬᠢᠶ᠎ᠠ!
ᠮᠠᠯᠴᠢᠨ ᠬᠥᠮᠦᠨ ᠦ᠌ ᠵᠠᠶᠠᠭ᠎ᠠ ᠮᠠᠭᠤᠳᠠᠪᠠᠯ ᠂ ᠮᠣᠩᠭᠣᠯ ᠤᠷᠤᠭᠤᠳᠠᠬᠤ ᠦᠭᠡᠢ ᠭᠡᠳ ᠶᠠᠭᠠᠬᠢᠬᠤᠪ ⁉
ᠮᠠᠯᠵᠢᠵᠤ ᠠᠮᠢᠳᠤᠷᠠᠬᠤ ᠳ᠋ᠤ᠌ ᠬᠦᠴᠢᠷᠲᠡᠢ ᠪᠣᠯᠤᠭᠰᠠᠨ ᠠ᠋ᠴᠠ ᠂ ᠮᠠᠯᠴᠢᠳ ᠥᠷᠢᠳᠡᠬᠦ ᠦᠭᠡᠢ ᠭᠡᠳ ᠶᠠᠭᠠᠬᠢᠬᠤᠪ ⁉
ᠮᠠᠭᠲᠠᠭᠠᠯ ᠪᠤᠶᠤ ᠵᠢᠭᠤᠯᠴᠢᠯᠠᠯ ᠢ᠋ᠶ᠋ᠠᠷ ᠯᠠ ᠂ ᠮᠠᠯᠴᠢᠨ ᠤ᠋ ᠠᠮᠢᠳᠤᠷᠠᠯ ᠢ᠋ ᠣᠢᠯᠠᠭᠠᠪᠠᠯ ᠳᠠ ᠴᠢᠬᠢᠶᠠᠳᠤᠷᠠᠤ ᠁
ᠮᠠᠷᠭᠠᠰᠢ ᠶ᠋ᠢᠨ ᠬᠥᠭᠡᠷᠦᠬᠦᠢ ᠮᠠᠯᠴᠢᠳ ᠠ᠋ᠴᠠ ᠦᠢᠯᠡᠴᠢᠯᠡᠭᠡ ᠪᠤᠶᠤ ᠤᠳᠤᠷᠢᠳᠤᠯᠭ᠎ᠠ ᠳ᠋ᠤ᠌ ᠡᠰᠡᠷᠭᠦᠴᠡᠯ ᠲᠠᠯᠪᠢᠨ᠎ᠠ ᠨᠡᠭᠡᠷᠡᠨ!
ᠡᠵᠡᠨ ᠦᠭᠡᠢ ᠨᠤᠲᠤᠭ ᠂ ᠠᠲᠠᠷ ᠬᠡᠭᠡᠷ᠎ᠡ ᠲᠠᠯ᠎ᠠ ᠭᠡᠮᠡᠨ ᠮᠠᠯᠴᠢᠳ ᠤ᠋ᠨ ᠪᠡᠯᠴᠢᠭᠡᠷ ᠢ᠋ ᠣᠢᠯᠠᠭᠠᠵᠤ ᠪᠣᠯᠬᠤ ᠦᠭᠡᠢ ᠣᠳᠣ!
ᠡᠷᠬᠡ ᠠᠳᠬᠤᠵᠤ ᠨᠣᠶᠠᠷᠬᠠᠯ ᠶᠠᠪᠤᠭᠤᠯᠬᠤ ᠳ᠋ᠤ᠌ ᠪᠠᠨ ᠂ ᠡᠯ᠎ᠡ ᠲᠠᠯ᠎ᠠ ᠤ᠋ᠳ ᠢ᠋ ᠡᠪᠯᠡᠭᠦᠯᠵᠦ ᠰᠠᠢᠬᠠᠨ ᠪᠣᠳᠣᠭᠠᠷᠠᠢ ᠳᠠ !
ᠡᠪᠡᠷ ᠲᠡᠢ ᠦᠬᠡᠷ ᠂ ᠡᠵᠡᠨ ᠲᠡᠢ ᠰᠦᠷᠦᠭ ᠦ᠋ᠳ ᠦ᠋ᠨ ᠬᠢᠨᠢ ᠪᠡᠯᠴᠢᠭᠡᠷ ᠪᠠ ᠨᠤᠲᠤᠭ ᠨᠢ ᠪᠠᠢᠭᠰᠠᠨ ᠶᠤᠮ ᠰᠢᠦ ᠲᠡᠷᠡ ᠴᠢᠨᠢ ᠁
ᠡᠷᠡᠯᠬᠡᠭ ᠳᠠᠢᠴᠢᠨ ᠳᠡᠭᠡᠳᠦᠰ ᠦ᠋ᠨ ᠮᠢᠨᠢ ᠂ ᠠᠮᠢ ᠨᠠᠰᠤ ᠪᠠᠷ ᠢ᠋ᠶ᠋ᠠᠨ ᠰᠣᠯᠢᠭᠰᠠᠨ ᠭᠠᠵᠠᠷ ᠰᠢᠷᠣᠢ ᠨᠢ ᠶᠤᠮ ᠰᠢᠦ ᠲᠡᠷᠡ ᠴᠢᠨᠢ
ᠥᠷᠥᠨᠡᠳᠠᠬᠢᠨ ᠤ᠋ ᠣᠳᠣᠬᠢᠴᠢᠯᠠᠭᠰᠠᠨ ᠠᠮᠢᠳᠤᠷᠠᠯ ᠴᠢᠨᠢ ᠪᠣᠯᠤᠯ᠎ᠠ ᠭᠡᠳ ᠂ ᠰᠦ ᠪᠠ ᠮᠢᠬ᠎ᠠ ᠲᠠᠢ ᠯᠠ ᠪᠠᠢᠳᠠᠭ ᠶᠤᠮ ᠳᠠ !
ᠥᠶᠥᠭ ᠲᠠᠷᠭᠤᠨ ᠮᠠᠯᠴᠢᠨ ᠮᠣᠩᠭᠣᠯ ᠤ᠋ᠳ ᠤ᠋ᠨ ᠮᠢᠨᠢ ᠂ ᠦᠶ᠎ᠡ ᠤᠯᠠᠷᠢᠨ ᠠᠮᠢᠳᠤᠷᠠᠵᠤ ᠢᠷᠡᠭᠰᠡᠨ ᠠᠷᠭ᠎ᠠ ᠮᠠᠶᠢᠭ ᠨᠢ ᠶᠤᠮ ᠳᠡ !
ᠢᠳᠡᠬᠦ ᠳ᠋ᠡᠭᠡᠨ ᠴᠠᠳᠤᠭᠰᠠᠨ ᠦᠭᠡᠢ ᠬᠥᠮᠦᠰ ᠦ᠋ᠨ ᠰᠡᠳᠬᠢᠬᠦᠢ ᠪᠡᠷ ᠂ ᠥᠪᠡᠷ ᠦ᠋ᠨ ᠮᠣᠩᠭᠣᠯ ᠠᠮᠢᠳᠤᠷᠠᠯ ᠢ᠋ ᠣᠢᠯᠠᠭᠠᠬᠤ ᠳ᠋ᠤ᠌ ᠬᠦᠷᠪᠡᠯ ᠳᠡ
ᠦᠬᠡᠷ ᠦ᠋ᠨ ᠮᠢᠬᠠᠨ ᠤ᠋ ᠠᠮᠲᠠᠲᠤ ᠪᠣᠷᠴᠠ ᠪᠠᠨ ᠂ ᠢᠯᠵᠠᠷᠠᠵᠤ ᠸᠠᠯᠠᠭᠰᠠᠨ ᠡᠮᠲᠦ ᠢᠳᠡᠭᠡᠨ ᠲᠡᠢ ᠵᠦᠢᠷᠯᠡᠭᠰᠡᠨ ᠤᠴᠢᠷ ᠮᠥᠨ ᠳᠡ ᠁
ᠮᠠᠯᠴᠢᠨ ᠲᠦᠮᠡᠨ ᠳ᠋ᠦ᠍ ᠬᠠᠨᠳᠤᠳᠠᠭ ᠣᠯᠠᠨ ᠨᠡᠢᠲᠡ ᠶ᠋ᠢᠨ ᠦᠢᠯᠡᠴᠢᠯᠡᠭᠡ ᠪᠤᠶᠤ ᠰᠠᠭᠤᠷᠢ ᠲᠥᠬᠥᠭᠡᠷᠦᠮᠵᠢ ᠦ᠋ᠳ ᠳᠤᠲᠠᠭᠳᠠᠵᠤ ᠪᠠᠢᠨ᠎ᠠ ᠣᠳᠣ !
ᠮᠤᠬᠤᠷᠳᠠᠵᠤ ᠪᠠᠢᠳᠠᠭ ᠬᠥᠮᠦᠰ ᠲᠦ᠍ ᠴᠢᠭᠯᠡᠭᠰᠡᠨ ᠮᠡᠳᠡᠯᠭᠡ ᠂ ᠮᠡᠷᠭᠡᠵᠢᠯ ᠂ ᠲᠠᠪᠴᠠᠩ ᠂ ᠵᠣᠯ ᠵᠠᠪᠰᠢᠶᠠᠨ ᠤ᠋ᠳ ᠪᠠᠭ᠎ᠠ ᠪᠠᠢᠨ᠎ᠠ ᠥᠨᠥᠳᠥᠷ !
ᠮᠠᠭᠲᠠᠵᠤ ᠦᠯᠢᠶᠡᠳᠡᠭ ᠵᠠᠭᠤᠴᠢᠯᠠᠭᠤᠷ ᠤ᠋ᠳ ᠂ ᠣᠪᠣᠷ ᠂ ᠵᠣᠭᠰᠣᠯᠲᠠ ᠂ ᠦᠵᠡᠯᠲᠡ ᠪᠡᠨ ᠬᠤᠪᠢᠷᠠᠭᠤᠯᠬᠤ ᠴᠠᠭ ᠪᠣᠯᠵᠠᠢ ᠣᠳᠣ !
ᠮᠠᠯᠴᠢᠨ ᠲᠠᠷᠢᠶᠠᠴᠢᠨ ᠦᠨᠳᠦᠰᠦᠨ ᠱᠠᠲᠤᠨ ᠳ᠋ᠤ᠌ ᠦᠢᠯᠡᠴᠢᠯᠡᠬᠦ ᠂ ᠲᠠᠨᠢᠯᠲᠠ ᠂ ᠤᠬᠠᠮᠰᠠᠷ ᠢ᠋ᠶ᠋ᠠᠨ ᠳᠡᠭᠡᠭᠰᠢᠯᠡᠭᠦᠯᠬᠦ ᠴᠢᠬᠤᠯᠠᠲᠠᠢ ᠣᠳᠣᠬᠠᠨ᠎ᠠ
ᠮᠠᠯᠴᠢᠨ ᠪᠠ ᠮᠣᠩᠭᠣᠯ ᠬᠣᠶᠠᠷ ᠲᠥᠷᠥᠯᠬᠢ ᠡᠴᠡ ᠪᠡᠨ ᠬᠠᠷᠢᠴᠠᠭ᠎ᠠ ᠲᠠᠢ ᠶ᠋ᠢ ᠮᠠᠨ ᠤ᠋ ᠦᠨᠳᠦᠰᠦᠲᠡᠨ ᠮᠡᠳᠡᠪᠡ ᠤᠤ ? ᠦᠭᠡᠢ  ᠤᠤ ?
ᠮᠢᠬ᠎ᠠ ᠪᠠ ᠰᠦ ᠨᠢ ᠰᠢᠮ᠎ᠡ ᠲᠡᠵᠢᠭᠡᠯ ᠡᠯᠪᠡᠭ ᠪᠠᠢᠳᠠᠭ ᠢ᠋ ᠣᠳᠣᠬᠢᠴᠢᠯᠠᠭᠰᠠᠨ ᠨᠡᠢᠭᠡᠮ ᠰᠡᠳᠬᠢᠪᠡ ᠤᠤ ? ᠦᠭᠡᠢ ‍ᠦᠣ ?
ᠮᠠᠯᠵᠢᠬᠤ ᠂ ᠲᠠᠷᠢᠶᠠᠯᠠᠬᠤ ᠂ ᠮᠠᠯᠲᠠᠳᠠᠭ ᠠᠭᠤᠷᠬᠠᠢ ᠭᠤᠷᠪᠠᠭᠤᠯᠠ ᠂ ᠠᠳᠠᠯᠢᠬᠠᠨ ᠴᠢᠬᠤᠯᠠ ᠪᠠᠢᠳᠠᠭ ᠢ᠋ ᠺᠠᠳ᠋ᠷ ᠳᠠᠷᠤᠭ᠎ᠠ ᠤ᠋ᠳ ᠲᠠᠨᠢᠪᠠ ‍ᠦᠣ ? ᠦᠭᠡᠢ ‍ᠦᠣ ?
ᠮᠠᠰᠢᠨ ᠲᠧᠭᠨᠢᠭ ᠢ᠋ᠶ᠋ᠡᠷ ᠣᠳᠣᠬᠢᠴᠢᠯᠠᠬᠤ ᠪᠣᠯᠪᠠᠴᠤ ᠂ ᠮᠠᠯᠵᠢᠯ ᠤ᠋ᠨ ᠰᠣᠶᠣᠯ ᠲᠠᠯ᠎ᠠ ᠨᠤᠲᠤᠭ ᠲᠤ᠌ ᠬᠠᠷᠢᠨ ᠲᠣᠬᠢᠷᠠᠳᠠᠭ ᠢ᠋ ᠬᠥᠮᠦᠰ ᠮᠡᠳᠡᠪᠡ ‍ᠦᠣ ? ᠦᠭᠡᠢ ‍ᠤᠣ ?
ᠨᠠᠷᠠᠨ ᠤ᠋ ᠳᠣᠣᠷ᠎ᠠ ᠰᠦᠷᠦᠭ ᠢ᠋ᠶ᠋ᠡᠨ ᠬᠠᠷᠢᠭᠤᠯᠵᠤ ᠂ ᠨᠠᠷᠮᠠᠢ ᠮᠣᠩᠭᠣᠯ ᠢ᠋ ᠠᠴᠢᠶᠠᠯᠠᠵᠤ ᠶᠠᠪᠤᠳᠠᠭ ᠢ᠋ ᠮᠠᠯᠴᠢᠨ ᠬᠥᠮᠦᠨ ᠭᠡᠳᠡᠭ ᠃
ᠨᠤᠲᠤᠭ ᠤᠰᠤ ᠪᠠᠨ ᠪᠦᠲᠦᠭᠡᠨ ᠪᠠᠢᠭᠤᠯᠵᠤ ᠂ ᠨᠠᠢᠷᠰᠠᠭ ᠮᠣᠩᠭᠣᠯ ᠢ᠋ ᠶᠢᠷᠲᠢᠨᠴᠦ ᠳ᠋ᠦ᠍ ᠰᠣᠨᠢᠷᠬᠠᠭᠤᠯᠳᠠᠭ ᠢ᠋ ᠮᠠᠯᠴᠢᠨ ᠬᠥᠮᠦᠨ ᠭᠡᠳᠡᠭ ᠃
ᠨᠡᠷ᠎ᠡ ᠠᠯᠳᠠᠷ ᠢ᠋ ᠬᠡᠢ ᠬᠣᠭᠣᠰᠣᠨ ᠢ᠋ᠶ᠋ᠠᠷ ᠬᠥᠭᠡᠭᠡᠴᠡᠯᠳᠦᠬᠦ ᠪᠢᠰᠢ ᠂ ᠨᠡᠢᠲᠡ ᠮᠣᠩᠭᠣᠯ ᠳ᠋ᠤ᠌ ᠵᠢᠳᠬᠦᠳᠡᠭ ᠢ᠋ ᠮᠠᠯᠴᠢᠨ ᠬᠥᠮᠦᠨ ᠭᠡᠳᠡᠭ ᠃
ᠨᠢᠷᠤᠭᠤ ᠨᠢ ᠴᠢᠳᠠᠯᠲᠠᠢ ᠂ ᠨᠢᠭᠤᠭᠳᠠᠮᠠᠯ ᠮᠥᠰᠥᠨ ᠲᠡᠢ ᠂ ᠨᠤᠭᠤᠴᠠᠭᠠᠨ ᠢ᠋ ᠲᠡᠰᠪᠦᠷᠢᠯᠡᠳᠡᠭ ᠬᠦᠯᠢᠴᠡᠩᠭᠦᠢ ᠬᠥᠮᠦᠰ ᠢ᠋ ᠮᠠᠯᠴᠢᠨ ᠬᠥᠮᠦᠨ ᠭᠡᠳᠡᠭ ᠃
2 ᠬᠥᠭᠡᠷᠦᠬᠦᠢ ᠮᠠᠯᠴᠢᠨ ᠪᠢᠳᠡ ᠨᠠᠷ ᠣᠳᠣ ᠶᠠᠭᠠᠬᠢᠯᠲᠠᠢ ᠪᠣᠢ ⁉
ᠬᠥᠳᠡᠭᠡ ᠨᠤᠲᠤᠭ ᠲᠠᠭᠠᠨ ᠰᠠᠭᠤᠭᠠᠳ ᠮᠠᠯ ᠢ᠋ᠶ᠋ᠠᠨ ᠮᠡᠯᠵᠢᠶ᠎ᠡ ᠭᠡᠬᠦ ᠳ᠋ᠦ᠍ ᠂ 《 ᠬᠥᠭᠡᠭᠡᠵᠦ ᠬᠠᠰᠢᠶᠠᠯᠠᠬᠤ 》 ᠭᠡᠳ ᠠᠮᠤᠷ ᠰᠠᠭᠤᠯᠭᠠᠬᠤ ᠦᠭᠡᠢ ᠨᠢ ᠠᠶᠤᠮᠠᠷ ᠠ᠋ !
ᠬᠦᠦ ᠥᠬᠢᠨ ᠢ᠋ᠶ᠋ᠡᠨ ᠲᠦᠰᠢᠭᠡᠳ ᠬᠣᠲᠠ ᠣᠷᠣᠶ᠎ᠠ ᠭᠡᠬᠦ ᠳ᠋ᠦ᠍ ᠂ 《 ᠬᠦᠴᠦᠲᠡᠢ ᠰᠠᠢᠬᠠᠨ 》 ᠠᠮᠢᠰᠬᠤᠵᠤ ᠴᠢᠳᠠᠬᠤ ᠦᠭᠡᠢ ᠪᠠᠢᠳᠠᠭ ᠪᠣᠯᠬᠣᠷ ᠪᠠᠰᠠ ᠵᠢᠭᠰᠢᠮᠡᠷ ᠠ᠋
ᠬᠦᠴᠦ ᠶᠠᠪᠤᠭᠠᠳ ᠠᠮᠢᠳᠤᠷᠠᠶ᠎ᠠ ᠭᠡᠬᠦ ᠳ᠋ᠦ᠍ ᠬᠥᠯᠥᠰᠥᠨ ᠵᠣᠭᠣᠰ ᠨᠢ ᠂ 《 ᠬᠢᠮᠳᠠ ᠮᠥᠷᠲᠡᠭᠡᠨ ᠬᠦᠷᠲᠡᠭᠡᠮᠵᠢ 》 ᠪᠠᠭ᠎ᠠ ᠠ᠋ᠴᠠ ᠪᠠᠰᠠ ᠰᠢᠷᠭᠢᠮᠡᠷ ᠠ᠋ !
ᠬᠦᠷᠢᠶᠡᠯᠡᠵᠦ ᠰᠠᠭᠤᠭᠠᠳ ᠨᠠᠢᠷᠠᠯᠳᠤᠶ᠎ᠠ ᠭᠡᠬᠦ ᠳ᠋ᠦ᠍ ᠂ 《 ᠬᠥᠵᠥᠷ ᠮᠠᠵᠢᠶᠠᠩ 》 ᠤ᠋ᠨ ᠵᠣᠭᠣᠰ ᠵᠤᠭ᠎ᠠ ᠳ᠋ᠤᠨᠢ ᠪᠠᠰᠠ ᠬᠣᠨᠵᠢᠭᠳᠠᠮᠠᠷ ᠠ᠋ !
ᠬᠥᠷᠥᠰᠥᠲᠦ ᠳᠡᠯᠡᠬᠡᠢ ᠠᠭᠤᠵᠢᠮ ᠠᠲᠠᠯ᠎ᠠ ᠬᠥᠭᠡᠷᠦᠬᠦᠢ ᠮᠠᠨ ᠤ᠋ ᠮᠠᠯᠴᠢᠨ ᠬᠥᠮᠦᠨ ᠢ᠋ ᠂ ᠪᠠᠭᠲᠠᠭᠠᠵᠤ ᠴᠢᠳᠠᠬᠤ ᠦᠭᠡᠢ ᠨᠢ ᠶᠠᠭᠤᠨ ᠳ᠋ᠤ᠌ ᠪᠢᠯᠡ ⁉
ᠬᠥᠳᠡᠭᠡ ᠭᠡᠷ ᠲᠡᠭᠡᠨ ᠪᠢᠳᠡ ᠨᠠᠷ ᠨᠣᠮᠣᠬᠠᠨ ᠠᠷᠠᠳ ᠰᠠᠭᠤᠵᠤ ᠪᠠᠢᠲᠠᠯ᠎ᠠ ᠪᠠᠨ ᠂ ᠬᠡᠷᠡᠭ ᠲᠦ᠍ ᠣᠷᠢᠶᠠᠭᠳᠠᠭᠠᠳ ᠪᠠᠢᠳᠠᠭ ᠨᠢ ᠶᠠᠭᠠᠬᠢᠭᠠᠳ ᠪᠢᠯᠡ⁉
ᠬᠥᠮᠦᠨ ᠪᠣᠯᠭᠠᠨ ᠡᠷᠬᠡ ᠲᠡᠭᠰᠢ ᠭᠡᠵᠦ ᠣᠨᠣᠯ ᠶᠣᠰᠣᠨ ᠳ᠋ᠠᠭᠠᠨ ᠶᠠᠷᠢᠳᠠᠭ ᠪᠠᠢᠭᠠᠳ ᠂ ᠬᠦᠷᠲᠡᠵᠦ ᠪᠢᠳᠡ ᠣᠯᠬᠤ ᠦᠭᠡᠢ ᠶ᠋ᠢᠨ ᠰᠢᠯᠲᠠᠭᠠᠨ ᠨᠢ ᠶᠠᠭᠤ ᠪᠢᠯᠡ ⁉
ᠬᠥᠳᠡᠭᠡ ᠬᠣᠲᠠ ᠳ᠋ᠤ᠌ ᠠᠳᠠᠯᠢᠬᠠᠨ ᠦᠢᠯᠡᠴᠢᠯᠡᠨ᠎ᠡ ᠭᠡᠵᠦ ᠪᠠᠢᠭᠠᠳ ᠂ ᠬᠥᠭᠡᠷᠦᠬᠦᠢ ᠮᠠᠯᠴᠢᠨ ᠢ᠋ᠶ᠋ᠠᠨ ᠮᠠᠷᠲᠠᠭᠠᠳ ᠪᠠᠢᠬᠤ ᠨᠢ ᠶᠠᠭᠠᠬᠢᠭᠠᠳ ᠪᠢᠯᠡ ?
ᠮᠠᠯ ᠤᠨᠤᠭ᠎ᠠ ᠪᠠᠷ ᠮᠠᠰᠢ ᠡᠯᠪᠡᠭ ᠪᠠᠢᠭᠰᠠᠨ ᠴᠠᠭ ᠦᠶ᠎ᠡ ᠳ᠋ᠦ᠍ ᠂ ᠮᠠᠰᠢ ᠣᠯᠠᠨ 《 ᠭᠠᠢᠯᠢ ᠲᠠᠲᠠᠪᠤᠷᠢ 》 ᠤ᠋ᠳ ᠠᠪᠴᠤ ᠯᠠ ᠪᠠᠢᠭᠰᠠᠨ ᠶᠤᠮ ᠳᠠ !
ᠮᠠᠤ ᠽᠧ ᠳ᠋ᠦᠩ ᠦ᠋ᠨ ᠤᠷᠢᠶᠠᠯᠠᠭ᠎ᠠ ᠶ᠋ᠢ ᠴᠤᠤᠷᠢᠶᠠᠲᠤᠨ ᠳᠠᠭᠠᠭᠠᠷᠠᠢ ᠭᠡᠳ ᠂ ᠮᠠᠯᠴᠢᠨ ᠬᠥᠮᠦᠨ ᠢ᠋ᠶ᠋ᠡᠨ 《 ᠤᠬᠠᠭᠤᠯᠵᠤ ᠯᠠ 》 ᠪᠠᠢᠭᠰᠠᠨ ᠶᠤᠮ ᠳᠠ !
ᠮᠠᠷᠭᠠᠰᠢ ᠶ᠋ᠢᠨ ᠠᠮᠢᠳᠤᠷᠠᠯ ᠴᠢᠨᠢ ᠵᠣᠯ ᠵᠢᠷᠭᠠᠯ ᠲᠠᠢ ᠪᠣᠯᠤᠨ᠎ᠠ ᠭᠡᠳ ᠂ ᠮᠠᠯᠴᠢᠳ ᠤ᠋ᠳ ᠲᠤ᠌ 《 ᠶᠠᠷᠢᠵᠤ ᠯᠠ 》 ᠪᠠᠢᠭᠰᠠᠨ ᠶᠤᠮ ᠳᠠ !
 ᠮᠤᠯᠭᠤ ᠲᠣᠯᠣᠭᠠᠢ ᠪᠠᠷ ᠢ᠋ᠶ᠋ᠠᠨ ᠪᠢᠳᠡ ᠣᠳᠣ ᠪᠣᠳᠣᠭᠠᠳ ᠦᠵᠡᠬᠦ ᠳ᠋ᠦ᠍ ᠂ 《 ᠳᠡᠭᠡᠳᠦ ᠵᠢᠭᠠᠪᠤᠷᠢ ᠶᠤᠮ  ᠦᠦ ? 》 ᠳᠠᠷᠤᠭ᠎ᠠ ᠨᠣᠶᠠᠨ ᠶᠤᠮ ᠤᠤ ? ᠬᠠᠰᠢᠯᠠ ᠨᠢᠭᠡ ᠨᠢ ᠬᠤᠳᠠᠯ ᠳᠠ !
ᠬᠥᠮᠦᠨ ᠠᠮᠠ ᠪᠠᠭ᠎ᠠ ᠪᠣᠯᠤᠭᠠᠳ ᠪᠠᠢᠬᠤ ᠶᠤᠮ ᠴᠢᠨᠢ ᠂ ᠬᠥᠨᠵᠢᠯᠡ ᠳᠦᠭᠦᠷᠡᠩ ᠬᠡᠦᠬᠡᠳ ᠲᠦᠷᠦᠶ᠎ᠡ ᠮᠠᠨ ᠤ᠋ ᠮᠠᠯᠴᠢᠳ ᠃
ᠬᠥᠷᠥᠰᠥᠲᠦ ᠭᠠᠵᠠᠷ ᠢ᠋ ᠤᠷᠪᠠᠭᠤᠯᠤᠭᠠᠳ ᠪᠠᠢᠬᠤ ᠶᠤᠮ ᠴᠢᠨᠢ ᠂ ᠬᠦᠴᠦᠨ ᠦ᠌ ᠳᠣᠲᠣᠷ᠎ᠠ ᠪᠠᠨ ᠰᠠᠨᠠᠯ ᠢ᠋ᠶ᠋ᠠᠨ ᠬᠡᠯᠡᠶ᠎ᠡ ᠮᠠᠨ ᠤ᠋ ᠮᠠᠯᠴᠢᠳ
ᠬᠦᠦ ᠬᠡᠦᠬᠡᠨ ᠬᠠᠮᠢᠶ᠎ᠠ ᠦᠭᠡᠢ ᠶᠡᠬᠡ ᠰᠤᠷᠭᠠᠭᠤᠯᠢ ᠳ᠋ᠤ᠌ ᠶᠠᠪᠤᠭᠰᠠᠨ ᠣᠶᠤᠲᠠᠨ ᠢ᠋ᠶ᠋ᠠᠨ ᠂ ᠴᠢᠬᠢᠨ ᠡᠴᠡ ᠨᠢ ᠴᠢᠷᠦᠭᠡᠳ ᠠᠪᠤᠭᠠᠳ ᠢᠷᠡᠶ᠎ᠡ ᠬᠠᠵᠠᠭᠤ ᠳ᠋ᠠᠭᠠᠨ ᠃
ᠬᠦᠷᠲᠡᠭᠡᠵᠦ ᠤᠯᠤᠰ ᠪᠠ ᠣᠷᠣᠨ ᠠ᠋ᠴᠠ ᠥᠭᠳᠡᠭ ᠵᠣᠭᠣᠰ ᠢ᠋ ᠮᠢᠨᠢ ᠂ ᠬᠥᠨᠳᠡᠯᠡᠨ ᠡᠴᠡ ᠨᠢ ᠪᠢᠲᠡᠭᠡᠢ ᠰᠢᠯᠵᠢᠭᠦᠯᠦᠭᠡᠷᠡᠢ ᠭᠡᠵᠦ ᠰᠢᠭᠤᠳ ᠭᠤᠶᠤᠶ᠎ᠠ ᠳᠠᠷᠤᠭ᠎ᠠ ᠳ᠋ᠠᠭᠠᠨ
ᠬᠥᠳᠡᠭᠡ ᠨᠤᠲᠤᠭ ᠢ᠋ ᠪᠠᠢᠭᠤᠯᠬᠤ ᠡᠭᠦᠷᠭᠡ ᠶ᠋ᠢ 《 ᠬᠦᠴᠦᠨ ᠴᠢᠳᠠᠯᠲᠠᠢ 》 ᠨᠢ ᠮᠠᠯᠴᠢᠨ ᠶᠤᠮ ᠭᠡᠵᠦ ᠂ ᠲᠦᠯᠬᠢᠵᠦ ᠥᠭᠭᠦᠭᠡᠳ ᠯᠡ ᠪᠠᠢᠵᠤ ᠪᠣᠯᠬᠤ ᠦᠭᠡᠢ ᠪᠠ ᠳᠠ ⁉
ᠬᠥᠭᠵᠢᠯᠲᠦ ᠰᠠᠢᠬᠠᠨ ᠵᠢᠷᠭᠠᠯᠲᠤ ᠢᠷᠡᠭᠡᠳᠦᠢ ᠶ᠋ᠢᠨ 《 ᠬᠤᠪᠢ ᠵᠠᠶᠠᠭ᠎ᠠ 》 ᠶ᠋ᠢ ᠂ ᠬᠥᠳᠡᠭᠡ ᠶ᠋ᠢᠨ ᠪᠣᠷᠣ ᠮᠠᠯᠴᠢᠨ ᠪᠠᠰᠠ ᠠᠳᠠᠯᠢᠬᠠᠨ ᠡᠳ᠋ᠯᠡᠵᠦ ᠪᠣᠯᠤᠨ᠎ᠠ ᠪᠠ ᠳᠠ⁉
ᠬᠥᠮᠦᠨ ᠪᠣᠯᠭᠠᠨ ᠳ᠋ᠤ᠌ ᠠᠳᠠᠯᠢ ᠲᠡᠭᠰᠢ ᠪᠡᠷ ᠬᠠᠨᠳᠤᠨ᠎ᠠ ᠭᠡᠵᠦ ᠬᠠᠤᠯᠢ ᠴᠠᠭᠠᠵᠠ ᠳ᠋ᠤ᠌ ᠪᠢᠴᠢᠵᠦ ᠪᠠᠢᠭᠠᠳ ᠂ ᠬᠥᠭᠡᠷᠦᠬᠦᠢ ᠮᠠᠯᠴᠢᠨ ᠤ᠋ 《 ᠪᠡᠶ᠎ᠡ ᠶ᠋ᠢᠨ ᠡᠷᠬᠡ 》 ᠳ᠋ᠦ᠍ ᠶᠠᠭᠤᠨ ᠳ᠋ᠤ᠌ ᠬᠠᠯᠳᠠᠨ᠎ᠠ ᠪᠣᠢ ⁉
ᠬᠦᠴᠦ ᠶᠠᠪᠤᠭᠰᠠᠨ ᠬᠥᠯᠥᠰᠥᠨ ᠲᠠᠷᠢᠶᠠᠴᠢᠨ ᠪᠠᠰᠠ ᠥᠨᠥᠳᠥᠷ ᠪᠠᠶᠠᠵᠢᠵᠤ ᠪᠠᠢᠬᠤ ᠳ᠋ᠤ᠌ ᠂ 《 ᠬᠦᠵᠦᠭᠦᠦ ᠪᠡᠨ ᠰᠤᠨᠲᠠᠯ᠎ᠠ 》 ᠵᠢᠳᠬᠦᠭᠰᠡᠨ ᠮᠠᠯᠴᠢᠨ ᠶᠠᠭᠠᠬᠢᠭᠠᠳ ᠶᠠᠳᠠᠭᠤ ᠪᠣᠯᠪᠠ ⁉
ᠶᠠᠳᠠᠭᠤᠷᠠᠳᠠᠭ ᠮᠠᠯᠴᠢᠨ ᠤ᠋ ᠠᠰᠠᠭᠤᠳᠠᠯ ᠳ᠋ᠤ᠌ ᠄ ᠨᠡᠢᠭᠡᠮ ᠦ᠋ᠨ ᠂ ᠠᠵᠤ ᠠᠬᠤᠢ ᠶ᠋ᠢᠨ ᠂ ᠠᠮᠢ ᠠᠬᠤᠢ ᠶ᠋ᠢᠨ ᠂ ᠵᠠᠬ᠎ᠠ ᠳᠡᠯᠭᠡᠭᠦᠷ ᠦ᠋ᠨ ᠂ ᠲᠤᠰ ᠪᠡᠶ᠎ᠡ ᠶ᠋ᠢᠨ ᠣᠯᠠᠨ ᠰᠢᠯᠲᠠᠭ ᠤ᠋ᠳ ᠪᠠᠢᠳᠠᠭ ᠶᠤᠮ ᠃
ᠶᠠᠳᠠᠭᠤᠯᠢᠭ ᠠᠮᠢᠳᠤᠷᠠᠯ ᠤ᠋ᠨ ᠠᠰᠠᠭᠤᠳᠠᠯ ᠳ᠋ᠤ᠌ ᠄ ᠺᠠᠳ᠋ᠷ ᠳᠠᠷᠤᠭ᠎ᠠ ᠶ᠋ᠢᠨ ᠂ ᠦᠨ᠎ᠡ ᠬᠠᠩᠰᠢ ᠶ᠋ᠢᠨ ᠂ ᠦᠵᠡᠯᠲᠡ ᠲᠠᠨᠢᠯᠲᠠ ᠶ᠋ᠢᠨ ᠂ ᠡᠷᠡᠭᠦᠯ ᠴᠢᠭᠢᠷᠠᠭ ᠤ᠋ᠨ ᠂ ᠬᠡᠪ ᠴᠢᠨᠠᠷ ᠤ᠋ᠨ ᠣᠯᠠᠨ ᠬᠦᠴᠣᠰᠤ ᠪᠠᠢᠳᠠᠭ ᠶᠤᠮ ᠃
ᠶᠠᠷᠰᠢᠭ ᠲᠠᠢ ᠠᠰᠠᠭᠤᠳᠠᠯ ᠳ᠋ᠤ᠌ ᠄ ᠲᠥᠷᠥ ᠶ᠋ᠢᠨ ᠪᠣᠳᠣᠯᠭ᠎ᠠ ᠶ᠋ᠢᠨ ᠲᠣᠭᠲᠠᠭᠠᠯ ᠤ᠋ᠨ ᠂ ᠠᠷᠠᠳᠴᠢᠯᠠᠯ ᠤ᠋ᠨ ᠂ ᠡᠷᠳᠡᠮ ᠮᠡᠳᠡᠯᠭᠡ ᠶ᠋ᠢᠨ ᠂ ᠡᠷᠬᠡ ᠴᠢᠯᠥᠭᠡᠨ ᠦ᠌ ᠣᠯᠠᠨ ᠲᠠᠯ᠎ᠠ ᠶ᠋ᠢᠨ ᠰᠢᠯᠲᠠᠭ ᠪᠠᠢᠳᠠᠭ ᠶᠤᠮ ᠃
ᠶᠠᠷᠢᠶ᠎ᠠ ᠤᠬᠠᠭᠤᠯᠤᠯ ᠤ᠋ᠨ ᠠᠰᠠᠭᠤᠳᠠᠯ ᠳ᠋ᠤ᠌ ᠄ ᠦᠨᠡᠨ ᠢ᠋ ᠨᠢᠭᠤᠵᠤ ᠂ ᠬᠤᠳᠠᠯ ᠢ᠋ᠶ᠋ᠠᠷ ᠬᠡᠯᠡᠬᠦ ᠂ ᠤᠳᠤᠷᠢᠳᠤᠯᠭ᠎ᠠ ᠶ᠋ᠢ ᠮᠠᠭᠲᠠᠵᠤ ᠂ ᠠᠷᠠᠳ ᠢ᠋ ᠳᠠᠷᠤᠬᠤ ᠂ ᠲᠠᠯ᠎ᠠ ᠥᠩᠭᠡ ᠬᠠᠷᠠᠬᠤ ᠵᠦᠢᠯ ᠪᠠᠢᠳᠠᠭ ᠶᠤᠮ ᠃
ᠡᠮᠦᠨᠡᠲᠦ ᠣᠷᠣᠨ ᠤ᠋ ᠵᠠᠷᠢᠮ ᠺᠠᠳ᠋ᠷ ᠳᠠᠷᠤᠭ᠎ᠠ ᠪᠣᠯ ᠄ ᠠᠵᠢᠯ ᠳ᠋ᠠᠭᠠᠨ ᠦᠨᠡᠨᠴᠢ ᠂ ᠠᠷᠠᠳ ᠲᠠᠭᠠᠨ ᠠᠮᠠᠷᠠᠭ ᠂ ᠥᠪᠡᠷ ᠦ᠋ᠨ ᠪᠣᠳᠠᠲᠠᠢ ᠠ᠋ᠴᠠ ᠡᠭᠦᠰᠴᠦ ᠬᠢᠵᠦ ᠴᠢᠳᠠᠳᠠᠭ ᠨᠢ 《 ᠠᠶᠤᠮᠠᠷ 》 ᠃
ᠤᠮᠠᠷᠠᠲᠤ ᠣᠷᠣᠨ ᠤ᠋ ᠵᠠᠷᠢᠮ ᠺᠠᠳ᠋ᠷ ᠳᠠᠷᠤᠭ᠎ᠠ ᠪᠣᠯ ᠄ ᠢᠳᠡᠵᠦ ᠤᠤᠭᠤᠬᠤ ᠨᠢ ᠳᠠᠪᠠᠭᠤ ᠂ ᠤᠷᠪᠠᠭᠠᠳ ᠭᠠᠷᠪᠠᠯ ᠮᠠᠷᠲᠠᠨ᠎ᠠ ᠂ ᠥᠪᠡᠷ ᠦ᠋ᠨ ᠠᠵᠢᠯ ᠳ᠋ᠠᠭᠠᠨ ᠲᠥᠬᠥᠭᠡ ᠲᠣᠮᠣᠭ᠎ᠠ ᠦᠭᠡᠢ ᠨᠢ 《 ᠬᠡᠴᠡᠭᠦᠦ 》 ᠃
ᠡᠮᠦᠨᠡᠲᠦ ᠣᠷᠣᠨ ᠤ᠋ ᠵᠠᠷᠢᠮ ᠺᠠᠳ᠋ᠷ ᠳᠠᠷᠤᠭ᠎ᠠ ᠪᠣᠯ ᠄ 《 ᠦᠭᠡᠢ ᠶᠠᠭᠤᠮ᠎ᠠ 》 ᠶ᠋ᠢ ᠡᠭᠦᠳᠴᠦ ᠬᠢᠨ᠎ᠡ ᠂ ᠥᠷᠯᠥᠭᠡ ᠦᠳᠡᠰᠢ ᠦᠭᠡᠢ ᠴᠢᠷᠮᠠᠢᠨ᠎ᠠ ᠂ ᠥᠷᠭᠡᠨ ᠣᠯᠠᠨ ᠢ᠋ᠶ᠋ᠠᠨ ᠵᠣᠬᠢᠶᠠᠨ ᠪᠠᠢᠭᠤᠯᠵᠤ ᠴᠢᠳᠠᠳᠠᠭ ᠃
ᠤᠮᠠᠷᠠᠲᠤ ᠣᠷᠣᠨ ᠤ᠋ ᠵᠠᠷᠢᠮ ᠺᠠᠳ᠋ᠷ ᠳᠠᠷᠤᠭ᠎ᠠ ᠪᠣᠯ ᠄ 《 ᠦᠵᠡᠯ ᠰᠠᠨᠠᠭ᠎ᠠ ᠨᠢ 》ᠶᠡᠬᠡ ᠬᠤᠪᠢᠰᠬᠠᠯᠴᠢ ᠂ ᠠᠭᠤᠳᠠᠯᠠᠵᠤ ᠮᠠᠯᠲᠠᠬᠤ ᠳ᠋ᠤ᠌ ᠶᠡᠬᠡ ᠰᠠᠢᠨ ᠂ ᠣᠯᠠᠨ ᠲᠦᠮᠡᠨ ᠢ᠋ᠶ᠋ᠡᠨ 《 ᠠᠶᠤᠯᠭᠠᠵᠤ ᠴᠢᠳᠠᠳᠠᠭ 》 ᠃
ᠮᠠᠯᠴᠢᠨ ᠬᠥᠮᠦᠨ ᠦ᠌ ᠄ ᠡᠳᠦᠷ ᠦ᠋ᠨ ᠠᠵᠢᠯ ᠪᠣᠯ 《 ᠶᠡᠬᠡ ᠤᠷᠲᠤ 》 ᠪᠠᠢᠬᠤ ᠳ᠋ᠤ᠌ ᠂ ᠰᠥᠨᠢ ᠶ᠋ᠢᠨ ᠵᠡᠭᠦᠳᠦ ᠪᠣᠯ ᠣᠬᠣᠷ ᠪᠥᠭᠡᠳ 《 ᠴᠣᠴᠢᠮᠠᠲᠠᠭᠠᠢ 》 ᠪᠠᠢᠳᠠᠭ ᠶᠤᠮ ᠃
ᠮᠠᠯᠴᠢᠨ ᠬᠥᠮᠦᠨ ᠳ᠋ᠦ᠍ ᠄ ᠥᠪᠡᠷ ᠦ᠋ᠨ ᠬᠡᠦᠬᠡᠳ ᠪᠣᠯ 《 ᠭᠠᠳᠠᠭᠰᠢ ᠪᠠᠨ ᠶᠠᠪᠤᠳᠠᠭ 》 ᠪᠠᠢᠬᠤ ᠳ᠋ᠤ᠌ ᠂ ᠨᠠᠩᠭᠢᠶᠠᠳ ᠤ᠋ᠨ ᠬᠥᠮᠦᠨ ᠪᠣᠯ 《 ᠨᠠᠭᠠᠰᠢ ᠪᠠᠨ 》 ᠢᠷᠡᠳᠡᠭ ᠪᠠᠢᠳᠠᠭ ᠶᠤᠮ ᠃
ᠮᠠᠯᠴᠢᠨ ᠬᠥᠮᠦᠨ ᠳ᠋ᠦ᠍ ᠄ ᠤᠳᠤᠷᠢᠳᠤᠯᠭ᠎ᠠ ᠺᠠᠳ᠋ᠷ ᠪᠣᠯ 《 ᠬᠠᠯᠠᠲᠠᠢ ᠬᠠᠲᠠᠭᠤ 》 ᠮᠥᠷᠲᠡᠭᠡᠨ ᠮᠣᠰᠢᠭᠤ ᠣᠨᠣᠯ ᠢ᠋ᠶ᠋ᠠᠷ ᠮᠠᠯᠠᠭᠠᠢᠳᠠᠵᠤ ᠢᠷᠡᠬᠦ ᠨᠢ 《 ᠬᠡᠴᠡᠭᠦᠦ 》 ᠪᠠᠢᠳᠠᠭ ᠶᠤᠮ ᠃
ᠮᠠᠯᠴᠢᠨ ᠬᠥᠮᠦᠨ ᠳ᠋ᠦ᠍ ᠄ ᠡᠪᠦᠯ ᠵᠤᠨ ᠤ᠋ 《 ᠢᠯᠭᠠᠭ᠎ᠠ ᠦᠭᠡᠢ 》 ᠦᠨᠡᠨ ᠬᠤᠳᠠᠯ ᠤ᠋ᠨ 《 ᠪᠠᠷᠢᠮᠵᠢᠶ᠎ᠠ 》 ᠭᠡᠵᠦ ᠪᠠᠷᠤᠭ ᠲᠥᠯᠥᠪ ᠣᠷᠣᠰᠢᠬᠤ ᠦᠭᠡᠢ ᠪᠠᠢᠳᠠᠭ ᠶᠤᠮ ᠃
ᠮᠠᠯᠴᠢᠨ ᠬᠥᠮᠦᠨ ᠦ᠌ ᠠᠮᠢᠳᠤᠷᠠᠯ ᠳ᠋ᠤ᠌ ᠄ 《 ᠮᠠᠩᠨᠤᠭ ᠨᠣᠭᠣᠭᠠᠨ ᠲᠠᠯ᠎ᠠ 》 ᠮᠢᠨᠢ ᠬᠡᠵᠢᠶ᠎ᠡ ᠳᠠᠬᠢᠵᠤ ᠢᠷᠡᠳᠡᠭ ᠪᠣᠯ ᠠ᠋ ⁉ ᠭᠡᠵᠦ ᠡᠴᠢᠭᠡ ᠲᠡᠭᠷᠢ ᠡᠴᠡ ᠪᠡᠨ ᠠᠰᠠᠭᠤᠶ᠎ᠠ ᠁
ᠮᠠᠯᠴᠢᠨ ᠬᠥᠮᠦᠨ ᠦ᠌ ᠰᠦᠷᠦᠭ ᠲᠦ᠍ ᠄ 《 ᠡᠪᠡᠰᠦ ᠪᠡᠯᠴᠢᠭᠡᠷ 》 ᠬᠡᠵᠢᠶ᠎ᠡ ᠳᠠᠬᠢᠵᠤ ᠨᠣᠭᠣᠭᠠᠷᠠᠵᠤ ᠤᠷᠭᠤᠳᠠᠭ ᠪᠣᠯ ᠠ᠋ ⁉ ᠭᠡᠵᠦ ᠡᠬᠡ ᠭᠠᠵᠠᠷ ᠠ᠋ᠴᠠ ᠪᠠᠨ ᠠᠰᠠᠭᠤᠶ᠎ᠠ ᠁
ᠮᠠᠯᠴᠢᠨ ᠬᠥᠮᠦᠨ ᠦ᠌ ᠤᠰᠤ ᠤᠮᠳᠠᠭᠠᠨ ᠨᠢ ᠄ ᠬᠡᠵᠢᠶ᠎ᠡ ᠳᠠᠬᠢᠵᠤ 《 ᠰᠢᠷᠭᠢᠵᠦ ᠬᠠᠲᠠᠬᠤ 》 ᠦᠭᠡᠢ ᠤᠷᠤᠰᠳᠠᠭ ᠪᠣᠯᠳᠠᠭ ᠪᠣᠯ ᠠ᠋ ⁉ ᠭᠡᠵᠦ ᠠᠭᠤᠯᠠ ᠬᠠᠢᠷᠬᠠᠨ ᠠ᠋ᠴᠠ ᠪᠠᠨ ᠠᠰᠠᠭᠤᠶ᠎ᠠ ᠁
ᠮᠠᠯᠴᠢᠨ ᠬᠥᠮᠦᠨ ᠦ᠌ ᠵᠣᠯ ᠵᠢᠷᠭᠠᠯ ᠨᠢ ᠄ ᠬᠡᠵᠢᠶ᠎ᠡ ᠪᠤᠰᠤᠳ ᠲᠠᠢ ᠠᠳᠠᠯᠢᠬᠠᠨ ᠪᠣᠯᠵᠤ 《 ᠢᠷᠡᠳᠡᠭ 》 ᠪᠢᠯᠡ ᠠ᠋ ⁉ ᠭᠡᠵᠦ ᠤᠳᠤᠷᠢᠳᠤᠯᠭ᠎ᠠ ᠺᠠᠳ᠋ᠷ ᠠ᠋ᠴᠠ ᠪᠠᠨ ᠠᠰᠠᠭᠤᠶ᠎ᠠ ᠁
3 ᠮᠠᠯᠴᠢᠨ ᠬᠥᠮᠦᠨ ᠦᠨ᠎ᠡ ᠥᠷᠲᠡᠭ ᠲᠡᠢ ᠪᠣᠯᠤᠭᠠᠳ ᠢᠷᠡᠪᠡᠯ
ᠤᠷᠭ᠎ᠠ ᠪᠠᠨ ᠪᠠᠷᠢᠭᠰᠠᠨ ᠮᠠᠯᠴᠢᠨ ᠬᠥᠮᠦᠨ ᠤᠷᠢᠳᠤ ᠠ᠋ᠴᠠ ᠪᠠᠨ ᠠᠪᠤᠭᠠᠳ ᠦᠨᠡᠨᠳᠡᠭᠡᠨ ᠶᠡᠬᠡᠬᠡᠨ ᠦᠨ᠎ᠡ ᠥᠷᠲᠡᠭ ᠲᠡᠢ ᠪᠠᠢᠭᠰᠠᠨ ᠶᠤᠮ ᠰᠢᠦ ᠮᠣᠩᠭᠣᠯ ᠳ᠋ᠤ᠌
ᠤᠬᠠᠭᠤᠯᠤᠯ ᠵᠠᠭᠤᠴᠢᠯᠠᠭᠤᠷ ᠤ᠋ᠨ ᠵᠣᠭᠰᠣᠴᠠ ᠦᠭᠡ ᠶᠠᠷᠢᠶ᠎ᠠ ᠶ᠋ᠢᠨ ᠣᠨᠳᠣᠣᠰᠢᠯ ᠠ᠋ᠴᠠ ᠪᠣᠯᠵᠤ ᠂ ᠥᠪᠡᠷ ᠦ᠋ᠨ ᠬᠥᠭᠡᠷᠦᠬᠦᠢ ᠮᠠᠯᠴᠢᠨ ᠢ᠋ᠶ᠋ᠠᠨ ᠥᠭᠡᠳᠡ ᠦᠭᠡᠢ ᠪᠡᠷ ᠤᠬᠠᠪᠠ ᠪᠢᠳᠡ ᠨᠠᠷ ᠁
ᠤᠵᠠᠭᠤᠷ ᠮᠣᠩᠭᠣᠯ ᠰᠣᠶᠣᠯ ᠢ᠋ ᠤᠯᠠᠮᠵᠢᠯᠠᠵᠤ ᠬᠠᠳᠠᠭᠠᠯᠠᠵᠤ ᠢᠷᠡᠭᠰᠡᠨ ᠮᠠᠯᠴᠢᠨ ᠬᠥᠮᠦᠨ ᠦ᠌ ᠠᠴᠢ ᠭᠠᠪᠢᠶ᠎ᠠ ᠶ᠋ᠢ ᠣᠳᠣ ᠮᠡᠳᠡᠷᠡᠬᠦ ᠦᠭᠡᠢ ᠪᠣᠯ ᠳᠠ
ᠥᠪᠡᠷ ᠦ᠋ᠨ ᠲᠡᠦᠬᠡ ᠰᠣᠶᠣᠯ ᠦᠷᠭᠦᠯᠵᠢᠯᠡᠬᠦ ᠰᠠᠢᠬᠠᠨ ᠮᠣᠩᠭᠣᠯ ᠠᠮᠢᠳᠤᠷᠠᠯ ᠢ᠋ᠶ᠋ᠠᠨ ᠥᠪᠡᠷᠲᠡᠭᠡᠨ ᠪᠢᠳᠡ ᠨᠠᠷ ᠮᠡᠳᠡᠬᠦ ᠦᠭᠡᠢ ᠪᠣᠯᠤᠨ᠎ᠠ ᠰᠢᠦ ᠳᠡ !
ᠮᠠᠯᠴᠢᠨ ᠬᠥᠮᠦᠨ ᠦᠨ᠎ᠡ ᠥᠷᠲᠡᠭ ᠲᠡᠢ ᠪᠣᠯᠤᠭᠠᠳ ᠢᠷᠡᠪᠡᠯ ᠂ ᠮᠠᠯ ᠤ᠋ᠨ ᠮᠢᠬ᠎ᠠ ᠱᠥᠯᠥ ᠪᠤᠶᠤ ᠰᠦ ᠴᠠᠭ᠎ᠠ ᠶ᠋ᠢᠨ ᠦᠨ᠎ᠡ ᠬᠠᠩᠰᠢ ᠨᠢ ᠥᠰᠦᠭᠡᠳ ᠢᠷᠡᠳᠡᠭ ᠶᠤᠮ ᠃
ᠮᠠᠯᠴᠢᠨ ᠬᠥᠮᠦᠨ ᠦᠨ᠎ᠡ ᠥᠷᠲᠡᠭ ᠲᠡᠢ ᠪᠣᠯᠤᠭᠠᠳ ᠢᠷᠡᠪᠡᠯ ᠂ ᠮᠣᠩᠭᠣᠯ ᠤ᠋ᠨ ᠲᠠᠯ᠎ᠠ ᠨᠤᠲᠤᠭ ᠪᠠ ᠮᠠᠯ ᠰᠦᠷᠦᠭ ᠨᠢ ᠬᠥᠷᠥᠩᠭᠡᠵᠢᠵᠦ ᠬᠣᠭᠰᠢᠳᠠᠭ ᠶᠤᠮ ᠃
ᠮᠠᠯᠴᠢᠨ ᠬᠥᠮᠦᠨ ᠦᠨ᠎ᠡ ᠥᠷᠲᠡᠭ ᠲᠡᠢ ᠪᠣᠯᠤᠭᠠᠳ ᠢᠷᠡᠪᠡᠯ ᠂ ᠮᠣᠩᠭᠣᠯᠵᠢᠨ ᠭᠤᠸ᠎ᠠ ᠣᠶᠤᠲᠠᠨ ᠬᠡᠦᠬᠡᠨ ᠮᠠᠯᠴᠢᠨ ᠵᠠᠯᠠᠭᠤ ᠲᠠᠢ ᠠᠮᠢᠳᠤᠷᠠᠬᠤ ᠶ᠋ᠢ ᠪᠣᠳᠣᠭᠠᠳ ᠣᠯᠬᠤ ᠶᠤᠮ ᠃
ᠮᠠᠯᠴᠢᠨ ᠬᠥᠮᠦᠨ ᠦᠨ᠎ᠡ ᠥᠷᠲᠡᠭ ᠲᠡᠢ ᠪᠣᠯᠤᠭᠠᠳ ᠢᠷᠡᠪᠡᠯ ᠂ ᠮᠤᠰᠢᠭᠠᠢ ᠠᠰᠬᠠᠨ ᠢ᠋ᠶ᠋ᠠᠷ ᠬᠠᠷᠢ ᠨᠤᠲᠤᠭ ᠲᠤ᠌ ᠵᠤᠷᠰᠢᠳᠠᠭ ᠬᠥᠮᠦᠰ ᠨᠢ ᠪᠤᠴᠠᠭᠠᠳ ᠢᠷᠡᠳᠡᠭ ᠶᠤᠮ ᠃
ᠮᠠᠯᠴᠢᠨ ᠬᠥᠮᠦᠨ ᠦᠨ᠎ᠡ ᠥᠷᠲᠡᠭ ᠲᠡᠢ ᠪᠠᠢᠬᠤ ᠠ᠋ᠴᠠ ᠂ ᠥᠪᠥᠷ ᠮᠣᠩᠭᠣᠯ ᠤ᠋ᠨ ᠲᠡᠷᠢᠭᠦᠯᠡᠭᠴᠢ ᠥᠪᠡᠷ ᠦ᠋ᠨ ᠲᠠᠢᠰᠠᠨ ᠠ᠋ᠴᠠ ᠪᠠᠨ ᠪᠠᠭᠤᠭᠠᠳ ᠡᠩ ᠦ᠋ᠨ ᠮᠠᠯᠴᠢᠨ ᠲᠠᠢ ᠪᠥᠵᠢᠭᠯᠡᠳᠡᠭ ᠪᠣᠯᠤᠭᠰᠠᠨ ᠶᠤᠮ ᠃
ᠮᠠᠯᠴᠢᠨ ᠬᠥᠮᠦᠨ ᠦᠨ᠎ᠡ ᠥᠷᠲᠡᠭ ᠲᠡᠢ ᠪᠠᠢᠳᠠᠭ ᠠ᠋ᠴᠠ ᠂ ᠠᠮᠠᠷᠠᠯᠲᠠ ᠪᠠᠨ ᠠᠪᠤᠭᠰᠠᠨ ᠸᠸᠨ ᠵᠢᠶᠠ ᠪᠤᠤ ᠦᠨᠳᠦᠰᠦᠲᠡᠨ ᠦ᠌ ᠰᠤᠷᠭᠠᠭᠤᠯᠢ ᠶ᠋ᠢ ᠡᠷᠭᠢᠵᠦ ᠦᠵᠡᠭᠰᠡᠨ ᠶᠤᠮ ᠃
ᠮᠠᠯᠴᠢᠨ ᠬᠥᠮᠦᠨ ᠦᠨ᠎ᠡ ᠥᠷᠲᠡᠭ ᠲᠡᠢ ᠪᠠᠢᠳᠠᠭ ᠠ᠋ᠴᠠ ᠭᠠᠳᠠᠭᠠᠳᠤ ᠶᠠᠪᠤᠳᠠᠯ ᠤ᠋ᠨ ᠰᠠᠢᠳ ᠸᠠᠩ ᠢ ᠥᠪᠥᠷ ᠮᠣᠩᠭᠣᠯ ᠤ᠋ᠨ ᠦᠬᠡᠷ ᠬᠣᠨᠢᠨ ᠮᠢᠬ᠎ᠠ ᠶ᠋ᠢ ᠮᠠᠭᠲᠠᠬᠤ ᠪᠣᠯᠤᠭᠰᠠᠨ ᠶᠤᠮ ᠃
ᠮᠠᠯᠴᠢᠨ ᠬᠥᠮᠦᠨ ᠦᠨ᠎ᠡ ᠥᠷᠲᠡᠭ ᠲᠡᠢ ᠪᠠᠢᠳᠠᠭ ᠠ᠋ᠴᠠ ᠤᠯᠤᠰ ᠤ᠋ᠨ ᠲᠡᠷᠢᠭᠦᠯᠦᠭᠴᠢ ᠰᠢ ᠵᠢᠨ ᠫᠢᠩ ᠡᠪᠦᠯ ᠦ᠋ᠨ ᠴᠠᠰᠤᠨ ᠳ᠋ᠤ᠌ ᠡᠩ ᠦ᠋ᠨ ᠮᠠᠯᠴᠢᠳ ᠢ᠋ ᠦᠵᠡᠵᠦ ᠬᠠᠯᠠᠮᠵᠢᠯᠠᠵᠤ ᠪᠠᠢᠭᠰᠠᠨ ᠶᠤᠮ ᠃
ᠮᠣᠩᠭᠣᠯ ᠰᠣᠶᠣᠯ ᠢ᠋ ᠥᠪᠯᠡᠵᠦ ᠬᠠᠮᠠᠭᠠᠯᠠᠵᠤ ᠬᠥᠭᠵᠢᠭᠦᠯᠵᠦ ᠶᠠᠪᠤᠶ᠎ᠠ ᠭᠡᠪᠡᠯ ᠂ ᠮᠠᠯᠴᠢᠨ ᠬᠥᠮᠦᠨ ᠢ᠋ᠶ᠋ᠡᠨ ᠵᠠᠪᠠᠯ ᠬᠦᠨᠳᠦᠳᠬᠡᠵᠦ ᠳᠡᠭᠡᠵᠢᠯᠡᠬᠦ ᠤᠴᠢᠷ ᠲᠠᠢ ᠶᠤᠮ ᠃
ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠪᠠᠶᠠᠯᠢᠭᠵᠢᠭᠤᠯᠬᠤ ᠪᠠᠷ ᠠᠵᠢᠯᠯᠠᠨ᠎ᠠ ᠭᠡᠪᠡᠯ ᠂ ᠮᠠᠯᠴᠢᠨ ᠬᠥᠮᠦᠨ ᠦ᠌ ᠠᠮᠢᠳᠤᠷᠠᠯ ᠰᠡᠳᠬᠢᠬᠦᠢ ᠨᠢ ᠰᠠᠭᠤᠷᠢ ᠪᠣᠯᠳᠠᠭ ᠶᠤᠮ ᠃
ᠮᠣᠩᠭᠣᠯ ᠠᠵᠤ ᠠᠮᠢᠳᠤᠷᠠᠯ ᠰᠣᠶᠣᠯ ᠪᠣᠯᠪᠠᠰᠤᠨ ᠢ᠋ᠶ᠋ᠠᠨ ᠮᠥᠩᠬᠡ ᠬᠠᠳᠠᠭᠠᠯᠠᠬᠤ ᠭᠡᠪᠡᠯ ᠂ ᠮᠠᠯᠴᠢᠨ ᠬᠥᠮᠦᠨ ᠦ᠌ ᠪᠣᠳᠠᠲᠠᠢ ᠠᠵᠢᠯ ᠦᠢᠯᠡᠳᠦᠯᠭᠡ ᠨᠢ ᠲᠤᠷᠰᠢᠯᠭ᠎ᠠ ᠬᠠᠩᠭᠠᠳᠠᠭ ᠶᠤᠮ ᠃
ᠮᠣᠩᠭᠣᠯ ᠤ᠋ᠨ ᠢᠷᠡᠭᠡᠳᠦᠢ ᠶ᠋ᠢ ᠰᠣᠯᠣᠩᠭᠠᠷᠠᠭᠰᠠᠨ ᠰᠠᠢᠬᠠᠨ ᠪᠣᠯᠭᠠᠨ᠎ᠠ ᠭᠡᠪᠡᠯ ᠂ ᠰᠢᠨ᠎ᠡ ᠳᠡᠭᠡᠳᠦ ᠮᠡᠷᠭᠡᠵᠢᠯ ᠢ᠋ᠶ᠋ᠡᠷ ᠮᠠᠯᠴᠢᠨ ᠠᠷᠠᠳ ᠲᠤ᠌ ᠦᠢᠯᠡᠴᠢᠯᠡᠬᠦ ᠴᠢᠬᠤᠯᠠ ᠲᠠᠢ ᠶᠤᠮ ᠃
ᠮᠠᠯᠴᠢᠨ ᠠᠪᠤ ᠦᠨᠡᠲᠡᠢ ᠪᠣᠯᠤᠭᠠᠳ ᠢᠷᠡᠪᠡᠯ ᠂ ᠮᠠᠰᠢ ᠣᠯᠠᠨ ᠬᠣᠲᠠ ᠬᠥᠳᠡᠭᠡ ᠶ᠋ᠢᠨ ᠬᠡᠦᠬᠡᠳ ᠦ᠋ᠳ ᠨᠢ ᠲᠡᠭᠦᠨ ᠢ᠋ ᠲᠡᠵᠢᠭᠡᠨ᠎ᠡ ᠭᠡᠵᠦ ᠪᠤᠯᠢᠶᠠᠯᠳᠤᠬᠤ ᠶᠤᠮ ᠃
ᠮᠠᠯᠴᠢᠨ ᠪᠦᠰᠡᠭᠦᠢ ᠬᠦᠨᠳᠦᠲᠡᠢ ᠪᠣᠯᠤᠭᠠᠳ ᠢᠷᠡᠪᠡᠯ ᠂ ᠮᠢᠩᠭᠠᠨ ᠲᠦᠮᠡᠨ ᠲᠡᠢ ᠲᠠᠷᠭᠤᠨ ᠪᠠᠶᠠᠨ ᠲᠡᠭᠦᠨ ᠲᠡᠢ ᠠᠮᠢᠳᠤᠷᠠᠬᠤ ᠭᠡᠵᠦ ᠭᠤᠶᠤᠴᠢᠯᠠᠭᠠᠳ ᠢᠷᠡᠬᠦ ᠶᠤᠮ ᠃
ᠮᠠᠯᠴᠢᠨ ᠬᠦᠦ ᠬᠣᠪᠣᠷ ᠪᠣᠯᠤᠭᠠᠳ ᠢᠷᠡᠪᠡᠯ ᠂ ᠮᠠᠰᠢ ᠦᠵᠡᠰᠬᠦᠯᠡᠩ ᠬᠣᠲᠠ ᠶ᠋ᠢᠨ ᠬᠡᠦᠬᠡᠨ ᠪᠣᠷᠣ ᠬᠦᠦ ᠶ᠋ᠢ ᠪᠣᠷᠪᠢ ᠵᠣᠭᠰᠣᠯ ᠦᠭᠡᠢ ᠳᠠᠭᠠᠭᠠᠳ ᠢᠷᠡᠬᠦ ᠶᠤᠮ ᠃
ᠮᠠᠯᠴᠢᠨ ᠬᠡᠦᠬᠡᠨ ᠬᠥᠷᠥᠩᠭᠡᠵᠢᠵᠦ ᠪᠠᠶᠠᠵᠢᠭᠠᠳ ᠢᠷᠡᠪᠡᠯ ᠂ ᠮᠠᠭᠲᠠᠭᠠᠯ ᠳ᠋ᠤ᠌ ᠳᠤᠷᠠᠲᠠᠢ ᠳᠠᠷᠤᠭ᠎ᠠ ᠶ᠋ᠢᠨ ᠰᠠᠳᠤᠨ ᠤ᠋ᠳ ᠳᠠᠭᠠᠭᠠᠳ ᠳᠡᠷᠪᠡᠯᠵᠡᠳᠡᠭ ᠶᠤᠮ ᠃
ᠮᠠᠯᠴᠢᠨ ᠬᠥᠮᠦᠨ ᠤᠤᠯ ᠳ᠋ᠤ᠌ ᠦᠨ᠎ᠡ ᠥᠷᠲᠡᠭ ᠦᠭᠡᠢ ᠪᠠᠢᠭᠰᠠᠨ᠎ᠠ᠋ᠴᠠ ᠮᠠᠩᠨᠤᠭ ᠲᠠᠯ᠎ᠠ ᠶ᠋ᠢ ᠨᠢ ᠳᠤᠷ᠎ᠠ ᠪᠠᠷ ᠢ᠋ᠶ᠋ᠠᠨ ᠤᠷᠪᠠᠭᠤᠯᠵᠤ ᠣᠩᠭᠢᠴᠢᠬᠤ ᠪᠠᠢᠭᠰᠠᠨ ᠶᠤᠮ ᠃
ᠮᠠᠯᠴᠢᠨ ᠬᠥᠮᠦᠨ ᠢ᠋ ᠦᠵᠡᠬᠦ ᠳᠤᠷ᠎ᠠ ᠦᠭᠡᠢ ᠪᠠᠢᠭᠰᠠᠨ ᠦᠶ᠎ᠡ ᠬᠥᠳᠡᠯᠮᠦᠷᠢ ᠪᠡᠷ ᠢ᠋ᠶ᠋ᠡᠨ ᠪᠠᠶᠠᠵᠢᠭᠰᠠᠨ ᠬᠥᠭᠡᠷᠦᠬᠦᠢ ᠮᠠᠯᠴᠢᠨ ᠢ᠋ ᠬᠤᠪᠢᠰᠬᠠᠯ ᠤ᠋ᠨ ᠡᠰᠡᠷᠭᠦᠴᠡᠭᠴᠢ ᠭᠡᠵᠦ ᠪᠣᠯᠭᠠᠵᠤ ᠪᠠᠢᠭᠰᠠᠨ ᠶᠤᠮ ᠃
ᠮᠠᠯᠴᠢᠨ ᠬᠥᠮᠦᠨ ᠢ᠋ ᠮᠠᠭᠤᠬᠠᠢ ᠨᠢᠳᠦ ᠪᠡᠷ ᠬᠠᠷᠠᠳᠠᠭ ᠦᠶ᠎ᠡ ᠳ᠋ᠦ᠍ ᠭᠠᠢᠯᠢ ᠲᠠᠲᠠᠪᠤᠷᠢ ᠬᠦᠦ ᠮᠥᠩᠭᠥᠨ ᠦ᠌ ᠬᠢᠨᠢ ᠨᠣᠷᠮ᠎ᠠ ᠨᠢ ᠥᠨᠳᠥᠷ ᠪᠠᠢᠭᠰᠠᠨ ᠶᠤᠮ ᠃
ᠮᠠᠯᠴᠢᠨ ᠬᠥᠮᠦᠨ ᠪᠠ ᠮᠣᠩᠭᠣᠯ ᠢ᠋ ᠠᠮᠢᠳᠤᠷᠠᠭᠤᠯᠬᠤ ᠦᠭᠡᠢ ᠭᠡᠵᠦ ᠪᠣᠳᠣᠬᠤ ᠦᠶ᠎ᠡ ᠳ᠋ᠦ᠍ ᠮᠠᠯ ᠪᠡᠯᠴᠢᠭᠡᠷ ᠢ᠋ ᠨᠢ ᠬᠤᠷᠢᠶᠠᠵᠤ ᠬᠣᠲᠠ ᠥᠭᠡᠳᠡ ᠬᠥᠭᠡᠭᠡᠬᠦ ᠪᠣᠯᠳᠠᠭ ᠶᠤᠮ ᠃
ᠠᠮᠲᠠᠲᠠᠢ ᠮᠢᠬ᠎ᠠ ᠢᠳᠡᠶ᠎ᠡ ᠂ ᠠᠭᠰᠢᠭᠤᠨ ᠰᠦ ᠤᠤᠭᠤᠶ᠎ᠠ ᠭᠡᠳᠡᠭ ᠬᠡᠷᠡᠭᠯᠡᠭᠡ ᠣᠷᠣᠰᠢᠵᠤ ᠯᠠ ᠪᠠᠢᠪᠠᠯ ᠂ ᠮᠠᠯᠴᠢᠨ ᠬᠥᠮᠦᠨ ᠦ᠌ ᠠᠵᠢᠯ ᠨᠢ ᠦᠨ᠎ᠡ ᠥᠷᠲᠡᠭ ᠢ᠋ᠶ᠋ᠡᠷ ᠪᠦᠷᠢᠨ ᠶᠤᠮ ᠃
ᠠᠭᠤᠯᠠ ᠤᠰᠤ ᠪᠠᠨ ᠬᠠᠮᠠᠭᠠᠯᠠᠵᠤ ᠂ ᠡᠬᠡ ᠪᠠᠢᠭᠠᠯᠢ ᠪᠠᠨ ᠬᠠᠢᠷᠠᠯᠠᠬᠤ ᠤᠬᠠᠮᠰᠠᠷ ᠣᠷᠣᠰᠢᠵᠤ ᠯᠠ ᠪᠠᠢᠪᠠᠯ ᠂ ᠮᠠᠯᠴᠢᠨ ᠬᠥᠮᠦᠨ ᠦ᠌ ᠲᠠᠨᠢᠯᠲᠠ ᠬᠡᠵᠢᠶᠡᠳᠡ ᠵᠥᠪ ᠶᠤᠮ ᠃
ᠠᠭᠤᠳᠠᠮ ᠡᠨᠡᠷᠢᠩᠭᠦᠢ ᠰᠡᠳᠬᠢᠯ ᠂ ᠠᠭᠤᠤ ᠶᠡᠬᠡ ᠲᠡᠪᠴᠢᠶᠡᠷᠢᠲᠡᠢ ᠵᠠᠩ ᠮᠣᠷᠠᠯ ᠵᠥᠪ ᠪᠠᠢᠬᠤ ᠳ᠋ᠤ᠌ ᠯᠠ ᠬᠦᠷᠪᠡᠯ ᠂ ᠮᠠᠯᠴᠢᠨ ᠬᠥᠮᠦᠨ ᠦ᠌ ᠮᠥᠰᠥ ᠴᠢᠨᠠᠷ ᠬᠠᠮᠤᠭ ᠤ᠋ᠨ ᠰᠠᠢᠨ ᠶᠤᠮ ᠃
ᠠᠮᠢ ᠪᠡᠶ᠎ᠡ ᠶ᠋ᠢᠨ ᠠᠵᠢᠯᠴᠢ ᠬᠥᠳᠡᠯᠮᠦᠷᠢ ᠪᠡᠷ ᠢ᠋ᠶ᠋ᠡᠨ ᠠᠷᠠᠳ ᠣᠯᠠᠨ ᠳ᠋ᠤ᠌ ᠦᠢᠯᠡᠴᠢᠯᠡᠬᠦ ᠥᠷᠲᠡᠭ ᠦ᠋ᠨ ᠦᠵᠡᠯᠲᠡ ᠶ᠋ᠢ ᠡᠷᠬᠢᠮᠯᠡᠳᠡᠭ ᠯᠡ ᠪᠣᠯ ᠮᠠᠯᠴᠢᠨ ᠤ᠋ ᠬᠠᠷᠢᠭᠤᠴᠠᠯᠭ᠎ᠠ ᠬᠠᠮᠤᠭ ᠤ᠋ᠨ ᠳᠠᠷᠬᠠᠨ ᠶᠤᠮ ᠃
ᠠᠶᠤᠯ ᠦᠭᠡᠢ᠂ ᠰᠢᠮ᠎ᠡ ᠲᠡᠵᠢᠭᠡᠯ ᠲᠡᠢ ᠠᠷᠢᠭᠤᠨ ᠴᠡᠪᠡᠷ ᠢᠳᠡᠭᠡᠨ ᠤᠮᠳᠠᠭᠠᠨ ᠤ᠋ᠳ ᠮᠠᠯᠴᠢᠨ ᠤ᠋ ᠬᠠᠵᠠᠭᠤ ᠳ᠋ᠤ᠌ ᠬᠠᠮᠤᠭ ᠣᠯᠠᠨ ᠪᠠᠢᠳᠠᠭ ᠶᠤᠮ ᠃
ᠠᠷᠢᠭᠤᠨ ᠴᠡᠪᠡᠷ ᠠᠭᠠᠷ ᠠᠩᠬᠢᠯᠤᠮ᠎ᠠ ᠰᠠᠢᠬᠠᠨ ᠴᠡᠴᠡᠭ ᠂ ᠷᠠᠰᠢᠶᠠᠨ ᠤᠰᠤ ᠮᠡᠲᠦ ᠰᠥᠮᠥᠰᠦ ᠦ᠋ᠳ ᠮᠠᠯᠴᠢᠨ ᠤ᠋ ᠣᠲᠣᠷ ᠲᠤ᠌ ᠬᠠᠮᠤᠭ ᠣᠯᠠᠨ ᠣᠷᠣᠰᠢᠳᠠᠭ ᠶᠤᠮ ᠃
ᠠᠵᠠ ᠵᠢᠷᠭᠠᠯ ᠤ᠋ᠨ ᠨᠠᠭᠠᠳᠤᠮ᠂ ᠠᠭᠰᠤᠮ ᠬᠦᠯᠦᠭ ᠦ᠋ᠨ ᠳᠣᠪᠲᠣᠯᠤᠭ᠎ᠠ ᠂ ᠠᠷᠢᠭᠤᠨ ᠴᠡᠪᠡᠷ ᠰᠡᠳᠬᠢᠯᠭᠡ ᠮᠠᠯᠴᠢᠨ ᠬᠥᠮᠦᠨ ᠦ᠌ ᠲᠣᠭᠣᠷᠢᠨ ᠳ᠋ᠤ᠌ ᠬᠠᠮᠤᠭ ᠣᠯᠠᠨ ᠥᠷᠨᠢᠳᠡᠭ ᠶᠤᠮ ᠃
ᠠᠯᠵᠢᠶᠠᠷᠠᠯ ᠢ᠋ ᠮᠠᠷᠲᠠᠬᠤ ᠪᠣᠳᠣᠯ᠂ ᠠᠭᠤᠳᠠᠮ ᠶᠡᠬᠡ ᠮᠡᠳᠡᠷᠡᠮᠵᠢ ᠤᠶᠠᠩᠭᠠᠷᠠᠬᠤ ᠳᠠᠭᠤᠤ ᠠᠶᠠᠰ ᠤ᠋ᠳ ᠮᠠᠯᠴᠢᠨ ᠤ᠋ ᠳᠡᠷᠭᠡᠳᠡ ᠡᠴᠡ ᠬᠠᠮᠤᠭ ᠬᠢᠯᠪᠠᠷ ᠤᠯᠳᠠᠳᠠᠭ ᠶᠤᠮ ᠃
ᠠᠵᠤ ᠦᠢᠯᠡᠳᠪᠦᠷᠢ ᠶ᠋ᠢᠨ ᠠᠷᠠᠭᠠᠲᠤ ᠬᠦᠷᠳᠦ ᠪᠡᠷ ᠦᠢᠯᠡᠳᠪᠦᠷᠢᠯᠡᠭᠰᠡᠨ ᠲᠠᠸᠠᠷ ᠤ᠋ᠳ ᠤ᠋ᠨ ᠦᠨ᠎ᠡ ᠬᠠᠩᠰᠢ ᠨᠢ ᠬᠢᠮᠳᠠᠷᠠᠬᠤ ᠪᠣᠯ ᠂ ᠠᠵᠤ ᠠᠬᠤᠢ ᠶ᠋ᠢᠨ ᠵᠢᠮ᠎ᠡ ᠶᠣᠰᠣ ᠮᠥᠨ ᠃
ᠠᠵᠢᠯᠴᠢ ᠬᠥᠳᠡᠯᠮᠦᠷᠢᠴᠢ ᠮᠠᠯᠴᠢᠨ ᠤ᠋ ᠠᠷᠢᠭᠤᠨ ᠭᠠᠷ ᠢ᠋ᠶ᠋ᠠᠷ ᠪᠦᠲᠦᠭᠡᠭᠰᠡᠨ ᠦᠢᠯᠡᠳᠬᠦᠨ ᠦ᠋ᠳ ᠂ ᠡᠳᠦᠷ ᠢᠷᠡᠬᠦᠶ᠎ᠡ ᠦᠨᠡᠲᠡᠢ ᠪᠣᠯᠬᠤ ᠪᠣᠯ ᠲᠡᠦᠬᠡᠨ ᠬᠠᠨᠳᠤᠰᠢ ᠶᠤᠮ ᠃
ᠠᠷᠵᠠᠢᠲᠠᠯ᠎ᠠ ᠠᠮᠢᠳᠤᠷᠠᠳᠠᠭ ᠬᠣᠲᠠ ᠶ᠋ᠢᠨ ᠪᠣᠷᠣᠴᠤᠤᠯ ᠤ᠋ᠳ ᠬᠣᠷᠣᠬᠠᠢ ᠰᠢᠪᠠᠵᠢ ᠪᠠᠨ ᠢᠳᠡᠵᠦ ᠪᠠᠷᠠᠭᠰᠠᠨ ᠪᠤᠶᠤ ᠳᠤᠷ᠎ᠠ ᠦᠭᠡᠢ ᠪᠣᠯᠬᠤ ᠦᠶ᠎ᠡ ᠳ᠋ᠦ᠍
ᠠᠳᠤᠭᠤ ᠮᠠᠯ ᠲᠠᠢ ᠂ ᠠᠶᠠᠭ᠎ᠠ ᠱᠥᠯᠥ ᠲᠡᠢ ᠂ ᠠᠶᠠᠰ ᠬᠥᠭᠵᠢᠮ ᠲᠡᠢ ᠮᠠᠯᠴᠢᠨ ᠬᠥᠮᠦᠨ ᠢ᠋ ᠠᠮᠢᠳᠤ ᠪᠤᠷᠬᠠᠨ ᠠᠳᠠᠯᠢ ᠰᠢᠲᠦᠬᠦ ᠴᠠᠭ ᠯᠠᠪ ᠢᠷᠡᠨ᠎ᠡ ᠰᠢᠦ ᠳᠡ᠃