ᠲᠠᠢᠳᠬᠤᠷᠠᠬᠤᠢ - ᠱ ᠂ ᠭᠦᠷᠦᠪᠠᠽᠠᠷ Тайтгарахуй – Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠢᠳᠬᠤᠷᠠᠬᠤᠢ - ᠱ ᠂ ᠭᠦᠷᠦᠪᠠᠽᠠᠷ Тайтгарахуй – Ш᠂ Гүрбазар

ᠲᠠᠢᠳᠬᠤᠷᠠᠬᠤᠢ - ᠱ ᠂ ᠭᠦᠷᠦᠪᠠᠽᠠᠷ Тайтгарахуй – Ш᠂ Гүрбазар

2024-12-28

938

ᠲᠠᠢᠳᠬᠤᠷᠠᠬᠤᠢ


 ᠠᠳᠬᠠᠭᠠᠳ ᠶᠠᠭᠠᠬᠢᠬᠤ ᠪᠣᠢ ᠳᠠ ᠬᠦ 
 ᠠᠮᠢᠳᠤᠷᠠᠯ ᠪᠣᠯᠳᠠᠭ ᠢ᠋ᠶ᠋ᠠᠷ ᠢ᠋ᠶ᠋ᠠᠨ ᠯᠠ ᠪᠣᠯᠤᠨ᠎ᠠ 
 ᠲᠡᠮᠡᠭᠡ ᠪᠡᠨ ᠣᠯᠤᠭ᠎ᠠ ᠦᠭᠡᠢ ᠴᠤ᠌ 
 ᠳᠠᠩ ᠢ᠋ᠶ᠋ᠠᠨ ᠯᠠ ᠶᠠᠩᠵᠤᠯᠠ 
 ᠡᠷᠢᠯ ᠦ᠋ᠨ ᠬᠥᠮᠦᠨ 
 ᠡᠯᠳᠡᠭᠡᠳ ᠯᠡ ᠢᠷᠡᠨ᠎ᠡ 
 ᠲᠡᠨᠡᠭ ᠦ᠋ᠳ ᠦ᠋ᠨ ᠰᠠᠮᠠᠭᠤᠷᠠᠯ ᠳ᠋ᠤ᠌ 
 ᠰᠡᠴᠡᠳ ᠨᠢ ᠰᠡᠷᠡᠳᠡᠭ ᠶᠦᠮ 
 ᠲᠡᠷᠡ ᠴᠠᠭ ᠲᠤ 
 ᠶᠠᠭᠤᠮ᠎ᠠ ᠪᠦᠬᠦᠨ ᠵᠥᠪ ᠪᠣᠯᠤᠨ᠎ᠠ 

 ᠳᠠᠪᠴᠢᠭᠤᠳᠠᠭᠠᠳ ᠶᠠᠭᠠᠬᠢᠬᠤ ᠪᠣᠢ ᠳᠠ 
 ᠲᠠᠩᠳᠠ ᠡᠢᠮᠦ ᠪᠠᠢᠬᠤ ᠦᠭᠡᠢ 
 ᠠᠷᠤᠭ ᠤ᠋ᠨ ᠳᠡᠭᠡᠷ᠎ᠡ ᠰᠠᠭᠤᠭᠰᠠᠨ ᠰᠢᠪᠠᠭᠤ  
 ᠲᠩᠷᠢ ᠳ᠋ᠦ᠍ ᠳᠠᠬᠢᠨ ᠵᠢᠷᠭᠢᠵᠦ 
 ᠠᠯᠤᠰ ᠠ᠋ᠴᠠ ᠰᠠᠢᠬᠠᠨ ᠰᠤᠷᠠᠭ ᠢᠷᠡᠨ᠎ᠡ 
 ᠠᠯᠳᠠᠭᠰᠠᠨ ᠬᠠᠨᠢ ᠴᠢᠨᠢ ᠥᠪᠡᠷ ᠢ᠋ ᠪᠡᠨ ᠵᠢᠮᠡᠯᠡᠵᠦ 
 ᠠᠮᠢᠳᠤᠷᠠᠯ ᠴᠢᠨᠢ ᠡᠬᠢᠨ ᠦ᠌ ᠬᠢ ᠰᠢᠭ ᠢ᠋ᠶ᠋ᠡᠨ ᠳᠡᠯᠭᠡᠷᠡᠨ᠎ᠡ  

 ᠤᠢᠮᠤᠷᠠᠭᠠᠳ ᠶᠠᠭᠠᠬᠢᠬᠤ ᠪᠣᠢ ᠳᠠ ᠬᠦ 
 ᠤᠳᠠᠬᠤ ᠦᠭᠡᠢ ᠰᠠᠢᠬᠠᠨ ᠪᠣᠯᠤᠨ᠎ᠠ 
 ᠱᠠᠯᠢᠭ ᠳᠠᠭᠤᠤ ᠳ᠋ᠠᠭᠠᠨ ᠰᠢᠷᠠᠲᠤᠭᠰᠠᠨ ᠨᠠᠢᠷ ᠤᠳᠠᠬᠤ ᠦᠭᠡᠢ ᠲᠠᠷᠠᠵᠤ 
 ᠰᠢᠨ᠎ᠡ ᠭᠡᠷ ᠦ᠋ᠨ ᠪᠣᠱᠣᠭ᠎ᠠ ᠠᠮᠠᠷᠠᠨ᠎ᠠ 
 ᠰᠠᠨᠠᠭ᠎ᠠ ᠭᠤᠨᠳᠠᠭᠤ ᠶᠠᠪᠤᠭᠰᠠᠨ ᠳ᠋ᠠᠭᠠᠨ ᠴᠢ ᠯᠡ ᠳᠣᠲᠣᠷ᠎ᠠ ᠪᠠᠨ ᠢᠴᠢᠵᠦ 
 ᠰᠠᠢᠨ ᠬᠥᠮᠦᠨ ᠦ᠌ ᠪᠤᠶᠠᠨ ᠢ᠋ᠶ᠋ᠠᠷ ᠮᠠᠷᠭᠠᠰᠢ ᠥᠭᠡᠳᠡᠯᠡᠨ᠎ᠡ  

 ᠦᠢᠮᠡᠷᠡᠭᠡᠳ ᠶᠠᠭᠠᠬᠢᠬᠤ ᠪᠣᠢ ᠳᠠ ᠬᠦ 
 ᠦᠨᠡᠨ ᠭᠠᠳᠠᠭ᠎ᠠ ᠲᠠᠨᠢ ᠢᠷᠡᠨ᠎ᠡ 
 ᠵᠦᠰᠡᠷᠡᠭᠰᠡᠨ ᠪᠣᠷᠣᠭ᠎ᠠ ᠲᠠᠲᠠᠷᠠᠵᠤ 
 ᠨᠣᠷᠤᠭᠰᠠᠨ ᠳᠡᠪᠡᠯ ᠴᠢᠨᠢ ᠡᠭᠰᠢᠨ᠎ᠡ 
 ᠵᠤᠨ ᠤ᠋ ᠭᠤᠷᠪᠠᠨ ᠰᠠᠷ᠎ᠠ ᠳ᠋ᠤ᠌ 
 ᠴᠡᠴᠡᠭ ᠳᠡᠯᠭᠡᠷᠡᠨ᠎ᠡ 
 ᠬᠠᠷ᠎ᠠ ᠳᠠᠷᠤᠭᠠᠳ ᠰᠡᠷᠡᠬᠦ ᠳ᠋ᠦ᠍ 
 ᠡᠵᠢ ᠨᠢ ᠬᠠᠵᠠᠭᠤ ᠳ᠋ᠤ᠌ ᠴᠢᠨᠢ ᠪᠠᠢᠬᠤ ᠰᠢᠭ᠋ 
 ᠬᠠᠮᠤᠭ ᠪᠦᠬᠦᠨ ᠲᠠᠢᠪᠤᠩ ᠪᠣᠯᠤᠨ᠎ᠠ  

 ᠡᠮᠵᠡᠭᠯᠡᠭᠡᠳ ᠶᠠᠭᠠᠬᠢᠬᠤ ᠪᠣᠢ ᠳᠠ 
 ᠡᠨᠡ ᠮᠣᠩᠭᠣᠯ ᠮᠢᠨᠢ ᠳᠡᠭᠵᠢᠨ᠎ᠡ᠃  

     ᠦᠰᠦᠭ ᠠᠮᠢᠯᠠᠭᠤᠯᠤᠭᠴᠢ᠄ ᠡᠩᠬᠡᠪᠠᠲᠤ  
       ᠦᠰᠦᠭ ᠬᠢᠨᠠᠭᠴᠢ᠄ ᠪᠠᠶᠠᠷᠴᠡᠴᠡᠭ