ᠡᠷ᠎ᠡ ᠬᠥᠮᠦᠨ - ᠱ ᠂ ᠭᠦᠷᠦᠪᠠᠽᠠᠷ Эр хүмүүн – Ш᠂ Гүрбазар
ᠡᠷ᠎ᠡ ᠬᠥᠮᠥᠨ
ᠣᠳᠣᠳ ᠢ᠋ᠶ᠋ᠠᠨ ᠭᠠᠵᠠᠷ ᠨᠢ ᠵᠡᠭᠦᠳᠦᠯᠡᠬᠦ ᠰᠢᠭ
ᠪᠣᠰᠤᠭ᠎ᠠ ᠵᠠᠶᠠᠭ᠎ᠠ ᠪᠠᠷ ᠥᠪᠡᠷ ᠢ᠋ ᠪᠡᠨ ᠴᠢᠮᠡᠭᠰᠡᠨ
ᠳᠡᠪᠡᠯ ᠲᠡᠢ ᠬᠡᠢ ᠮᠣᠷᠢ ᠨᠢ ᠪᠢᠰᠢ ᠭᠡᠵᠢ ᠤᠤ ᠳᠠ
ᠡᠷ᠎ᠡ ᠬᠥᠮᠦᠨ ᠪᠢ ᠴᠢᠨᠢ
ᠲᠠᠬᠢᠯ ᠲᠠᠢ ᠠᠭᠤᠯᠠ ᠶ᠋ᠢᠨ ᠣᠷᠣᠢ ᠠ᠋ᠴᠠ
ᠴᠢᠯᠠᠭᠤ ᠶ᠋ᠢ ᠨᠢ ᠭᠤᠶᠤᠵᠤ ᠬᠥᠨᠳᠡᠬᠦ ᠰᠢᠭ
ᠲᠠᠪᠤᠨ ᠬᠠᠨ᠎ᠠ ᠨᠢ ᠨᠠᠷᠠ ᠵᠥᠪ ᠲᠣᠭᠣᠷᠢᠭᠰᠠᠨ
ᠲᠣᠭᠣᠨᠣ ᠨᠢ ᠪᠢᠰᠢ ᠭᠡᠵᠢ ᠤᠤ ᠳᠠ
ᠡᠷ᠎ᠡ ᠬᠥᠮᠦᠨ ᠪᠢ ᠴᠢᠨᠢ
ᠮᠠᠨᠠᠨ ᠲᠠᠢ ᠠᠭᠤᠯᠠ ᠠ᠋ᠴᠠ ᠪᠠᠨ ᠵᠠᠯᠬᠠᠬᠤ ᠳ᠋ᠠᠭᠠᠨ
ᠮᠡᠯᠮᠡᠢ ᠶ᠋ᠢᠨ ᠰᠡᠵᠢᠭᠦᠷ ᠮᠢᠨᠢ ᠬᠥᠯᠥᠷᠡᠳᠡᠭ ᠰᠢᠭ
ᠮᠢᠨᠦ ᠡᠵᠡᠭᠦᠢ ᠳ᠋ᠦ᠍ ᠭᠣᠯᠣᠮᠲᠠ ᠮᠢᠨᠢ
ᠰᠠᠨᠠᠭ᠎ᠠ ᠠᠯᠳᠠᠭᠰᠠᠨ
ᠡᠷ᠎ᠡ ᠬᠥᠮᠦᠨ ᠪᠢᠰᠢ ᠭᠡᠵᠢ ᠤᠤ ᠳᠠ
ᠰᠠᠯᠬᠢ ᠲᠠᠢ ᠰᠠᠭᠠᠷᠠᠯ ᠨᠠᠢᠷ ᠠ᠋ᠴᠠ ᠨᠢ
ᠨᠠᠪᠴᠢ ᠪᠠᠨ ᠭᠤᠶᠤᠵᠤ ᠦᠯᠡᠳᠡᠭᠡᠬᠦ ᠰᠢᠭ
ᠴᠠᠢ ᠶ᠋ᠢᠨ ᠳᠡᠭᠡᠵᠢ ᠮᠢᠨᠢ ᠲᠣᠭᠣᠭᠠᠨ ᠳ᠋ᠠᠭᠠᠨ ᠬᠦᠯᠢᠶᠡᠭᠰᠡᠨ
ᠠᠢᠯ ᠤ᠋ᠨ ᠬᠣᠢᠮᠣᠷ ᠨᠢ ᠪᠢᠰᠢ ᠭᠡᠵᠢ ᠤᠤ ᠳᠠ
ᠡᠷ᠎ᠡ ᠬᠥᠮᠦᠨ ᠪᠢ ᠴᠢᠨᠢ
ᠨᠢᠭᠦᠯ ᠲᠡᠢ ᠬᠣᠷᠸ᠎ᠠ ᠶ᠋ᠢ ᠡᠨᠳᠡᠭᠦᠷᠡᠬᠦ ᠳ᠋ᠡᠭᠡᠨ
ᠨᠢᠯᠪᠤᠰᠤ ᠪᠠᠨ ᠬᠠᠨᠴᠤᠢ ᠳ᠋ᠠᠭᠠᠨ ᠨᠢᠭᠤᠳᠠᠭ ᠴᠤ᠌ ᠭᠡᠰᠡᠨ
ᠨᠡᠭᠦᠭᠡᠳ ᠢᠷᠡᠳᠡᠭ ᠰᠢᠪᠠᠭᠤᠳ ᠤ᠋ᠨ ᠴᠤᠪᠤᠭ᠎ᠠ ᠶ᠋ᠢ
ᠤᠬᠢᠯᠠᠵᠤ ᠯᠠ ᠤᠭᠲᠤᠭ᠎ᠠ ᠦᠭᠡᠢ ᠭᠡᠵᠢ ᠤᠤ ᠳᠠ
ᠡᠷ᠎ᠡ ᠬᠥᠮᠦᠨ ᠪᠢ ᠴᠢᠨᠢ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
