ᠪᠤᠯᠴᠠᠭᠠᠷ ᠰᠢᠨ᠎ᠡ ᠵᠢᠯ ᠊᠊ᠤᠨ ᠪᠠᠶᠠᠷ ᠊᠊ᠤᠨ ᠺᠣᠨᠲ᠋ᠧᠨᠲБулцгар шинэ жилийн баярын контентыг 12_24-с UNIVISION,LookTV,DDish видео сан
ᠪᠤᠯᠴᠠᠭᠠᠷ ᠰᠢᠨ᠎ᠡ ᠵᠢᠯ ᠊᠊ᠤᠨ ᠪᠠᠶᠠᠷ ᠊᠊ᠤᠨ ᠺᠣᠨᠲ᠋ᠧᠨᠲ
ᠲᠤᠤᠨᠢ ᠄ᠥᠨᠥᠳᠥᠷ ᠴᠦ᠍ ᠭᠠᠳᠠᠭ᠎ᠠ ᠴᠠᠰᠤ ᠣᠷᠣᠭᠠᠳ᠂ ᠶᠠᠩᠵᠤ ᠲᠠᠢ ᠡᠳᠦᠷ ᠪᠠᠢᠨ᠎ᠠ᠂ ᠲᠡᠢᠮᠦ ᠠ᠋ ᠮᠠᠨ ᠤ᠋ ᠬᠢ ᠠ᠋᠃
ᠰᠠᠨᠢ᠄ ᠭᠠᠳᠠᠭ᠎ᠠ ᠴᠠᠰᠤ ᠬᠠᠶᠠᠯᠠᠭᠠᠳ ᠦᠨᠡᠬᠡᠷ ᠭᠣᠶᠣ ᠶᠤᠮ ᠰᠢᠦ᠃
ᠶᠦᠨᠢ᠄ ᠮᠠᠨ ᠤ᠋ ᠨᠤᠤᠷᠤᠢ ᠭᠠᠷᠠᠭ ᠲᠤ᠌ ᠰᠢᠨ᠎ᠡ ᠵᠢᠯ ᠭᠡᠳᠡᠭ ᠪᠠᠶᠠᠷ ᠪᠣᠯᠳᠠᠭ ᠦᠭᠡᠢ ᠰᠢᠳᠡ᠂ ᠶᠠᠮᠠᠷ ᠬᠦ ᠪᠠᠢᠳᠠᠭ ᠪᠠᠢᠨ᠎ᠠ᠃
ᠪᠤᠺᠠ᠄ ᠶᠠᠭᠤ ᠴᠤ᠌ ᠭᠡᠮᠡᠷ ᠶᠤᠮ ᠳᠡ᠂ ᠵᠢᠯ ᠦ᠋ᠨ ᠬᠠᠮᠤᠭ ᠤ᠋ᠨ ᠭᠣᠶᠣ ᠠᠶᠠᠯᠠᠯ᠂ ᠰᠢᠷᠡᠭᠡ ᠳᠦᠭᠦᠷᠡᠩ ᠠᠮᠲᠠᠲᠠᠨ᠂ ᠲᠣᠮᠣ ᠠ᠋ᠴᠠ ᠲᠣᠮᠣ ᠭᠠᠴᠤᠷ᠎ᠠ᠂ ᠠᠮᠲᠠᠲᠤ ᠪᠢᠯᠠᠤ᠂ ᠲᠡᠭᠡᠭᠡᠳ ᠬᠠᠮᠤᠭ ᠤ᠋ᠨ ᠭᠣᠶᠣ ᠨᠢ ᠡᠪᠦᠯ ᠦ᠋ᠨ ᠡᠪᠦᠭᠡ᠂ ᠬᠡ ᠬᠡ᠁
ᠶᠦᠨᠢ᠄ ᠡᠪᠦᠯ ᠦ᠋ᠨ ᠡᠪᠦᠭᠡ? ᠲᠠᠨ ᠤ᠋ ᠡᠪᠦᠭᠡ ᠶᠤᠮ ᠤᠤ?
ᠰᠠᠨᠢ᠄ ᠬᠡ ᠬᠡ᠂ ᠥᠬᠡᠢ ᠶᠦᠨᠢ᠂ ᠡᠪᠦᠯ ᠦ᠋ᠨ ᠡᠪᠦᠭᠡ ᠭᠡᠳᠡᠭ ᠴᠢᠨᠢ ᠰᠢᠨ᠎ᠡ ᠵᠢᠯ ᠦ᠋ᠨ ᠬᠠᠮᠤᠭ ᠤ᠋ᠨ ᠴᠢᠬᠤᠯᠠ ᠬᠥᠮᠦᠨ ᠪᠠᠢᠬᠤ ᠦᠭᠡᠢ ᠤᠤ?
ᠶᠦᠨᠢ᠄ ᠴᠢᠬᠤᠯᠠ ᠭᠡᠳᠡᠭ ᠨᠢ?
ᠪᠤᠺᠠ᠄ ᠵᠠ ᠲᠡᠭᠡᠬᠦ ᠪᠡᠷ ᠰᠣᠨᠣᠰᠴᠤ ᠪᠠᠢ ᠶᠦᠨᠢ᠂ ᠬᠠᠮᠤᠭ ᠤ᠋ᠨ ᠮᠤᠨᠳᠠᠭ ᠰᠠᠢᠨ ᠪᠠᠢᠭᠰᠠᠨ ᠬᠡᠦᠬᠡᠳ ᠦ᠋ᠳ ᠲᠦ᠍ ᠪᠡᠯᠡᠭ ᠥᠭᠳᠡᠭ ᠬᠥᠮᠦᠨ ᠢ᠋ ᠡᠪᠦᠯ ᠦ᠋ᠨ ᠡᠪᠦᠭᠡ ᠭᠡᠳᠡᠭ ᠪᠠᠢᠬᠤ ᠦᠭᠡᠢ ᠤᠤ᠂ ᠣᠳᠣ ᠣᠢᠯᠠᠭᠠᠵᠤ ᠪᠠᠢᠨ᠎ᠠ ᠤᠤ?
ᠲᠤᠤᠨᠢ ᠄ ᠥᠩᠭᠡᠷᠡᠭᠰᠡᠨ ᠵᠢᠯ ᠦ᠋ᠨ ᠡᠪᠦᠯ ᠦ᠋ᠨ ᠡᠪᠦᠭᠡ ᠶ᠋ᠢᠨ ᠥᠭᠭᠦᠭᠰᠡᠨ ᠪᠡᠯᠡᠭ ᠭᠣᠶᠣ ᠪᠠᠢᠭᠰᠠᠨ ᠰᠢᠦ᠂ ᠲᠡᠢᠮᠦ ᠠ᠋ ᠨᠠᠢᠵᠠ ᠨᠤᠭᠤᠳ ᠠ᠋?
ᠶᠦᠨᠢ: ᠭᠦᠦᠭ᠂ ᠲᠡᠭᠡᠬᠦ ᠪᠡᠷ ᠡᠨᠡ ᠵᠢᠯ ᠪᠢ ᠪᠡᠯᠡᠭ ᠠᠪᠤᠨ᠎ᠠ ᠭᠡᠰᠡᠨ ᠦᠭᠡ ᠤᠤ? ᠬᠡ ᠬᠡ ᠶᠠᠮᠠᠷ ᠭᠣᠶᠣ ᠶᠤᠮ ᠪᠣᠢ! ᠪᠦᠷ ᠳᠣᠭᠳᠣᠯᠴᠢᠬᠠᠯᠠ᠃
ᠪᠤᠺᠠ᠄ ᠲᠡᠢᠮᠦ ᠠ᠋᠂ ᠡᠨᠡ ᠵᠢᠯ ᠴᠢ ᠡᠪᠦᠯ ᠦ᠋ᠨ ᠡᠪᠦᠭᠡ ᠡᠴᠡ ᠪᠡᠯᠡᠭ ᠠᠪᠬᠤ ᠪᠣᠯᠤᠨ᠎ᠠ᠂ ᠵᠠ ᠤᠤ? ᠪᠢ ᠶᠡᠷᠦ ᠨᠢ ᠡᠪᠦᠯ ᠦ᠋ᠨ ᠡᠪᠦᠭᠡ ᠳ᠋ᠦ᠍ ᠰᠢᠨ᠎ᠡ ᠵᠢᠯ ᠦ᠋ᠨ ᠬᠦᠰᠡᠯ ᠦ᠋ᠨ ᠪᠢᠴᠢᠭ ᠢ᠋ ᠶᠠᠪᠤᠭᠤᠯᠴᠢᠬᠠᠭᠰᠠᠨ ᠰᠢᠦ᠂ ᠭᠡᠬᠦ ᠳ᠋ᠦ᠍ ᠪᠡᠨ ᠲᠡᠷᠡ ᠬᠦᠰᠡᠯ ᠪᠡᠶᠡᠯᠡᠬᠦ ᠪᠣᠯᠪᠠ ᠤᠤ? ᠶᠡᠬᠡ ᠣᠨᠴᠠᠭᠠᠢ ᠬᠦᠰᠡᠯ ᠪᠠᠢᠬᠤ ᠶᠤᠮ ᠯᠡ ᠳᠠ᠃ ᠲᠠ ᠨᠠᠷ ᠲᠤ᠌ ᠬᠡᠯᠡᠮᠡᠷ ᠯᠡ ᠪᠠᠢᠨ᠎ᠠ᠂ ᠳᠠᠩᠴᠢ ᠪᠣᠯᠬᠤ ᠦᠭᠡᠢ᠂ ᠢᠷᠡᠬᠦ ᠦᠭᠡᠢ ᠥᠬᠡᠢ ᠪᠣᠯᠴᠢᠬᠠᠳᠠᠭ ᠶᠤᠮ ᠭᠡᠵᠦ ᠪᠠᠢᠨ᠎ᠠ ᠯᠠ᠃
ᠷᠦᠪᠢ᠄ ᠵᠥᠩᠳᠡᠭᠡᠨ ᠣᠯᠠᠨ ᠲᠤᠤᠷᠲ ᠯᠡ ᠬᠦᠰᠡᠭᠰᠡᠨ ᠪᠠᠢᠬᠤ ᠳᠠ᠂ᠬᠡ ᠬᠡ ᠬᠡ
ᠲᠤᠤᠨᠢ ᠄ ᠡᠰᠡᠬᠦᠯ᠎ᠡ ᠪᠠᠬᠠᠨ ᠠᠭᠠᠷᠤᠤᠯ ᠬᠦᠰᠡᠭᠰᠡᠨ ᠪᠠᠢᠬᠤ᠃ᠪᠤᠺᠠ ᠪᠣᠯᠤᠭᠰᠠᠨ ᠬᠣᠢᠨ᠎ᠠ ᠢᠳᠡᠬᠦ ᠯᠡ ᠶᠠᠭᠤᠮ᠎ᠠ ᠬᠦᠰᠡᠵᠦ ᠪᠠᠢᠬᠤ᠃
ᠰᠠᠨᠢ᠄ᠨᠢᠭᠡᠨ ᠢ᠋ᠶ᠋ᠡᠨ ᠢᠩᠭᠢᠵᠦ ᠪᠣᠯᠬᠤ ᠦᠭᠡᠢ ᠭᠡᠵᠦ ᠬᠡᠯᠡᠭᠰᠡᠨ ᠪᠠᠢᠬ᠎ᠠ᠂ ᠲᠠ ᠬᠣᠶᠠᠷ ᠢᠩᠭᠢᠵᠦ ᠨᠢᠭᠡᠨ ᠢ᠋ᠶ᠋ᠡᠨ ᠱᠣᠣᠯᠠᠭᠠᠳ ᠪᠠᠢᠪᠠᠯ ᠡᠪᠦᠯ ᠦ᠋ᠨ ᠡᠪᠦᠭᠡ ᠪᠡᠯᠡᠭ ᠥᠭᠬᠦ ᠦᠭᠡᠢ ᠯᠡ ᠪᠠᠢᠬᠤ ᠳᠠ᠃
ᠲᠤᠤᠨᠢ ᠄ ᠬᠦᠶᠢ ᠂ ᠨᠡᠭᠡᠷᠡᠨ ᠡᠪᠦᠭᠡ ᠪᠡᠯᠡᠭ ᠥᠭᠬᠦ ᠦᠭᠡᠢ ᠪᠣᠯ ᠶᠠᠭᠠᠬᠢᠨ᠎ᠠ ᠪᠣᠢ? ᠬᠥᠶᠢ ᠶᠠᠭᠠᠬᠢᠬᠤ ᠶᠤᠮ?ᠦᠭᠬᠦ ᠦᠭᠡᠢ ᠪᠤᠯ ᠶᠠᠭᠠᠬᠢᠬᠤ ᠶᠤᠮ?
ᠷᠦᠪᠢ᠄ ᠬᠥᠭᠡᠷᠦᠬᠦᠨ ᠡᠭᠳᠡᠭᠦᠦ ᠲᠡᠢ ᠪᠤᠯᠴᠠᠭᠠᠷ ᠪᠤᠺᠠ ᠮᠢᠨᠢ ᠠ᠋᠂
ᠲᠤᠤᠨᠢ ᠄ ᠥᠷᠥᠰᠢᠶᠡ ᠪᠤᠺᠠ ᠠᠨᠳᠠ ᠮᠢᠨᠢ᠂ ᠮᠡᠬᠦᠰ ᠪᠢᠳᠡᠨ ᠢ᠋ ᠪᠡᠨ ᠥᠷᠥᠰᠢᠶᠡ!
ᠪᠤᠺᠠ᠄ ᠬᠡ ᠬᠡ ᠬᠡ᠂ ᠵᠠ ᠵᠠ ᠥᠷᠥᠰᠢᠶᠡᠶ᠎ᠡ ᠥᠷᠥᠰᠢᠶᠡᠶ᠎ᠡ ᠂ ᠪᠤᠯᠴᠠᠭᠠᠷ ᠨᠠᠢᠵᠠ ᠨᠤᠭᠤᠳ ᠤ᠋ᠨ ᠠᠳᠠᠯ ᠶᠠᠪᠤᠳᠠᠯ ᠵᠦᠴᠦᠭᠡᠴᠢᠯᠡᠭᠰᠡᠨ ᠲᠣᠭᠯᠠᠯᠲᠠ ᠪᠠᠨUnivision ᠊ᠤᠨ ᠦᠢᠯᠡᠰ ᠊ᠤᠨ ᠰᠠᠩᠡᠴᠡ ᠬᠦᠯᠢᠶᠡᠨ ᠠᠪᠴᠤ ᠦᠵᠡᠭᠡᠷᠡᠢ!
ᠶᠦᠨᠢ᠄ ᠲᠠ ᠬᠡᠳᠦ ᠲᠡᠢ ᠪᠡᠨ ᠰᠢᠨ᠎ᠡ ᠵᠢᠯ ᠦ᠋ᠨ ᠪᠠᠶᠠᠷ ᠢ᠋ ᠬᠠᠮᠲᠤ ᠲᠡᠮᠳᠡᠭᠯᠡᠨ᠎ᠡ ᠭᠡᠬᠦ ᠪᠡᠷ ᠨᠠᠳᠠ ᠳ᠋ᠤ᠌ ᠦᠨᠡᠬᠡᠷ ᠭᠣᠶᠣ ᠪᠠᠢᠨ᠎ᠠ᠃
ᠪᠤᠺᠠ᠄ ᠡᠨᠡ ᠴᠢᠨᠢ ᠣᠳᠣ ᠶᠠᠭᠤ ᠪᠣᠢ? ᠵᠠᠬᠢᠶ᠎ᠠ ᠤᠤ ᠳᠠ᠂ ᠠᠷᠠᠢ ᠮᠢᠨᠦ᠁ ᠦ ᠡᠪᠦᠯ ᠦ᠋ᠨ ᠡᠪᠦᠭᠡ᠁ ᠡᠪᠦᠯ ᠦ᠋ᠨ ᠡᠪᠦᠭᠡ ᠡᠴᠡ ᠵᠠᠬᠢᠶ᠎ᠠ ᠢᠷᠡᠴᠢᠬᠡᠭᠰᠡᠨ ᠪᠠᠢᠨ᠎ᠠ ᠰᠢᠲᠠ᠃
ᠵᠠᠬᠢᠶ᠎ᠠ
ᠬᠦᠨᠳᠦᠲᠦ ᠡᠪᠦᠯ ᠦ᠋ᠨ ᠡᠪᠦᠭᠡᠨ ᠡᠴᠡ
ᠪᠤᠯᠴᠠᠭᠠᠷ ᠬᠥᠭᠡᠷᠦᠬᠦᠨ ᠪᠤᠺᠠ ᠶ᠋ᠢᠨ ᠶᠠᠪᠤᠭᠤᠯᠤᠭᠰᠠᠨ ᠵᠠᠬᠢᠶ᠎ᠠ ᠶ᠋ᠢ ᠡᠪᠦᠭᠡ ᠨᠢ ᠤᠩᠰᠢᠭᠰᠠᠨ ᠠ᠋᠂ ᠬᠥᠭᠡᠷᠦᠬᠦᠨ ᠪᠤᠺᠠ ᠶ᠋ᠢᠨ ᠬᠦᠰᠡᠯ ᠮᠠᠰᠢ ᠣᠨᠴᠠᠭᠠᠢ ᠪᠠᠢᠭᠰᠠᠨ ᠲᠤᠯᠠ ᠡᠪᠦᠭᠡ ᠨᠢ ᠬᠦᠰᠡᠯ ᠢ᠋ ᠨᠢ ᠪᠡᠶᠡᠯᠡᠭᠦᠯᠬᠦ ᠪᠡᠷ ᠪᠣᠯᠤᠯ᠎ᠠ᠂ ᠡᠨᠡ ᠬᠦ ᠵᠠᠬᠢᠶ᠎ᠠ ᠲᠠᠢ ᠬᠠᠮᠲᠤ ᠣᠴᠢᠭ᠌ᠰᠠᠨ ᠰᠢᠳᠢᠲᠦ ᠬᠣᠩᠬᠣ ᠶ᠋ᠢ ᠭᠤᠷᠪᠠᠨ ᠤᠳᠠᠭ᠎ᠠ ᠳᠤᠤᠭᠠᠷᠭᠠᠬᠤ ᠳ᠋ᠤ᠌ ᠬᠦᠰᠡᠯ ᠴᠢᠨᠢ ᠪᠡᠶᠡᠯᠡᠬᠦ ᠪᠣᠯᠤᠨ᠎ᠠ᠂ ᠡᠷᠭᠢᠵᠦ ᠡᠨᠡ ᠶᠢᠷᠲᠢᠨᠴᠦ ᠳ᠋ᠦ᠍ ᠪᠡᠨ ᠢᠷᠡᠬᠦ ᠳ᠋ᠦ᠍ ᠪᠡᠨ ᠮᠥᠨ ᠠᠳᠠᠯᠢ ᠭᠤᠷᠪᠠᠨ ᠤᠳᠠᠭ᠎ᠠ ᠳᠤᠤᠭᠠᠷᠭᠠᠨ᠎ᠠ ᠰᠢᠦ᠂ ᠪᠤᠺᠠ ᠡᠭᠦᠨ ᠢ᠋ ᠰᠠᠢᠨ ᠰᠠᠨᠠᠵᠤ ᠶᠠᠪᠤᠭᠠᠷᠠᠢ! ᠡᠪᠦᠯ ᠦ᠋ᠨ ᠡᠪᠦᠭᠡ ᠡᠴᠡ
ᠷᠦᠪᠢ᠄ ᠠᠨᠳᠠ ᠠ᠋ ᠠᠨᠳᠠ ᠠ᠋ ᠴᠢ ᠡᠪᠦᠯ ᠦ᠋ᠨ ᠡᠪᠦᠭᠡ ᠡᠴᠡ ᠶᠠᠭᠤ ᠬᠦᠰᠡᠭᠰᠡᠨ ᠶᠤᠮ ᠪᠣᠢ? ᠬᠡᠯᠡᠴᠢᠬᠡ ᠯᠡ ᠳᠡ ᠲᠡᠭᠡᠬᠦ ᠤᠤ?
ᠲᠤᠤᠨᠢ ᠄ ᠬᠡᠯᠡᠴᠢᠬᠡ ᠯᠡ ᠳᠡ ᠪᠤᠺᠠ ᠠ᠋ ᠶᠠᠮᠠᠷ ᠬᠦᠰᠡᠯ ᠬᠦᠰᠡᠭᠰᠡᠨ ᠶᠤᠮ?
ᠪᠤᠺᠠ᠄ ᠮᠠᠰᠢ ᠭᠣᠶᠣ ᠬᠦᠰᠡᠯ ᠬᠦᠰᠡᠭᠰᠡᠨ ᠠ᠋᠃
ᠲᠤᠤᠨᠢ ᠄ ᠠᠷᠠᠢ ᠴᠢᠨᠦ ᠬᠡᠯᠡᠭᠡᠳ ᠪᠠᠢᠭᠰᠠᠨ ᠮᠥᠨ ᠤᠤ? ᠠ?
ᠪᠤᠺᠠ᠄ ᠲᠡᠢᠮᠦ ᠠ᠋ ᠶᠠᠭ ᠮᠥᠨ᠂ ᠪᠢ ᠪᠣᠳᠠᠲᠤ ᠶᠢᠷᠲᠢᠨᠴᠦ ᠳᠡᠭᠡᠷ᠎ᠡ ᠣᠴᠢᠵᠤ ᠦᠵᠡᠭᠴᠢ ᠪᠢᠴᠢᠬᠠᠨ ᠨᠠᠢᠵᠠ ᠲᠠᠢ ᠪᠠᠨ ᠠᠭᠤᠯᠵᠠᠬᠤ ᠬᠦᠰᠡᠯ ᠪᠢᠴᠢᠭᠰᠡᠨ ᠶᠤᠮ ᠳᠡ᠃
ᠲᠤᠤᠨᠢ ᠄ ᠦ᠁ ᠸᠠ ᠲᠡᠢᠮᠦ ᠤᠤ? ᠶᠠᠭᠠᠬᠢᠨ᠎ᠠ ᠦᠵᠡᠭᠴᠢ ᠨᠠᠢᠵᠠ ᠨᠤᠭᠤᠳ ᠲᠠᠢ ᠪᠠᠨ ᠠᠭᠤᠯᠵᠠᠨ᠎ᠠ ᠭᠡᠰᠡᠨ ᠦᠭᠡ ᠤᠤ? ᠶᠠᠮᠠᠷ ᠭᠣᠶᠣ ᠶᠤᠮ ᠪᠤᠢ?
ᠷᠦᠪᠢ᠄ ᠴᠢ ᠦᠨᠡᠬᠡᠷ ᠭᠣᠶᠣ ᠬᠦᠰᠡᠯ ᠶᠠᠪᠤᠭᠤᠯᠤᠭᠰᠠᠨ ᠪᠠᠢᠨ᠎ᠠ᠃
ᠰᠠᠨᠢ᠄ ᠲᠡᠭᠡᠬᠦ ᠪᠡᠷ ᠪᠢ ᠦᠵᠡᠭᠴᠢ ᠬᠡᠦᠬᠡᠳ ᠦ᠋ᠳ ᠲᠡᠢ ᠪᠡᠨ ᠠᠭᠤᠯᠵᠠᠨ᠎ᠠ ᠭᠡᠰᠡᠨ ᠦᠭᠡ᠂ ᠭᠦᠦᠭ᠂ ᠪᠢ ᠶᠠᠭᠤ ᠡᠮᠦᠰᠬᠦ ᠤᠤ? ᠶᠠᠮᠠᠷ ᠳᠠᠰᠢᠨᠵᠠ ᠪᠠᠨ ᠡᠮᠦᠰᠬᠦ ᠤᠤ? ᠶᠠᠭᠠᠬᠢᠨ᠎ᠠ ᠠ᠋ ᠠᠯᠢ ᠶ᠋ᠢ ᠨᠢ ᠡᠮᠦᠰᠬᠦ ᠤᠤ?
ᠲᠤᠤᠨᠢ ᠄ ᠪᠢ ᠰᠢᠨ᠎ᠡ ᠠᠪᠤᠭᠰᠠᠨ ᠣᠷᠢᠶᠠᠯᠲᠠ ᠪᠠᠨ ᠵᠡᠭᠦᠭᠡᠳ ᠶᠠᠪᠤᠨ᠎ᠠ᠂ ᠮᠠᠨ ᠤ᠋ ᠬᠢ ᠠ᠋᠂ ᠬᠤᠷᠳᠤᠯᠠ᠁ ᠪᠤᠰᠢᠭᠤᠬᠠᠨ ᠶᠠᠪᠤᠵᠤ ᠨᠠᠢᠵᠠ ᠨᠤᠭᠤᠳ ᠲᠠᠢ ᠪᠠᠨ ᠠᠭᠤᠯᠵᠠᠶ᠎ᠠ᠃
ᠶᠦᠨᠢ᠄ ᠡᠨᠡ ᠬᠣᠩᠬᠣ ᠶ᠋ᠢ ᠭᠤᠷᠪᠠᠨ ᠤᠳᠠᠭ᠎ᠠ ᠳᠤᠤᠭᠠᠷᠭᠠᠨ᠎ᠠ ᠭᠡᠯᠡ ᠤᠤ? ᠬᠦᠯᠢᠶᠡᠵᠦ ᠲᠡᠰᠬᠦ ᠦᠭᠡᠢ ᠨᠢ ᠠ᠋᠃ᠪᠥᠭᠡᠮ ᠪᠥᠭᠡᠮ ᠪᠠᠶᠠᠷ ᠳᠠᠪᠬᠤᠴᠠᠭᠠᠳ ᠶᠠᠮᠠᠷ ᠭᠣᠶᠣ ᠶᠤᠮ ᠪᠣᠢ? ᠡᠨᠡ ᠬᠡᠳᠦ ᠲᠡᠢ ᠪᠡᠨ ᠬᠠᠮᠲᠤ ᠰᠢᠨ᠎ᠡ ᠵᠢᠯ ᠢ᠋ ᠪᠡᠨ ᠲᠡᠮᠳᠡᠭᠯᠡᠨ᠎ᠡ ᠭᠡᠵᠦ ᠪᠠᠢᠭᠰᠠᠨ ᠂ ᠣᠳᠣ ᠪᠦᠷ ᠦᠵᠡᠭᠴᠢ ᠬᠡᠦᠬᠡᠳ ᠦ᠋ᠳ ᠲᠡᠢ ᠪᠡᠨ ᠲᠡᠮᠳᠡᠭᠯᠡᠬᠦ ᠪᠡᠷ ᠪᠣᠯᠴᠢᠬᠠᠯ᠎ᠠ ᠰᠢᠲᠠ᠂ ᠬᠡ ᠬᠡ ᠶᠧ
ᠪᠤᠺᠠ᠄ ᠵᠠ ᠮᠠᠨ ᠤ᠋ ᠬᠢ ᠠ᠋ ᠶᠠᠪᠤᠬᠤ ᠳ᠋ᠤ᠌ ᠲᠠᠪᠤᠬᠠᠨ ᠮᠢᠨᠦ᠋ᠲ ᠯᠡ ᠦᠯᠡᠳᠡᠭᠰᠡᠨ ᠪᠠᠢᠨ᠎ᠠ ᠰᠢᠦ᠂ ᠪᠦᠭᠦᠳᠡᠭᠡᠷ ᠢ᠋ᠶ᠋ᠡᠨ ᠳᠠᠷᠤ ᠪᠦᠷᠢᠨ ᠦ᠌ ᠪᠡᠯᠡᠳᠬᠡᠯ ᠢ᠋ᠶ᠋ᠡᠨ ᠪ ᠪᠠᠵᠠᠭᠠᠭᠠᠷᠠᠢ! ᠭᠢᠯᠠᠯᠵᠠᠭᠠᠷᠠᠢ ᠬᠢᠯᠠᠯᠵᠠᠭᠠᠷᠠᠢ! ᠪᠡᠯᠡᠨ ᠪᠣᠯᠤᠭᠰᠠᠨ ᠤᠤ? ᠮᠠᠨ ᠤ᠋ ᠬᠢ ᠠ᠋᠂ ᠬᠤᠷᠳᠤᠯᠠᠭᠠᠷᠠᠢ!
ᠷᠦᠪᠢ᠄ ᠪᠢ ᠪᠡᠯᠡᠨ ᠰᠢᠦ᠂ ᠪᠣᠯᠴᠢᠬᠠᠯ᠎ᠠ᠃
ᠶᠦᠨᠢ᠄ ᠪᠢ ᠪᠠᠰᠠ ᠪᠡᠯᠡᠨ᠃
ᠷᠦᠪᠢ᠄ ᠲᠤᠤᠨᠢ ᠠᠨᠳᠠ ᠪᠣᠯᠵᠤ ᠪᠠᠢᠨ᠎ᠠ ᠤᠤ? ᠨᠠᠭᠠᠨ᠎ᠠ ᠪᠠᠨ ᠶᠠᠮᠠᠷ ᠤᠳᠠᠳᠠᠭ ᠶᠤᠮ ᠪᠣᠢ?
ᠲᠤᠤᠨᠢ ᠄ ᠰᠠᠢᠨ᠁ ᠦᠭᠡᠢ᠂ ᠦ ᠦᠭᠡᠢ ᠰᠠᠶᠢ ᠵᠢᠭᠠᠬᠠᠨ ᠬᠠᠢᠴᠢᠯᠠᠭᠰᠠᠨ ᠦᠰᠦ ᠰᠢᠳᠡ᠃ ᠦᠭᠡᠢ ᠣᠳᠣ ᠡᠨᠡ ᠴᠢᠷᠠᠢ ᠪᠠᠷ ᠶᠠᠭᠠᠬᠢᠵᠤ ᠶᠠᠪᠤᠬᠤ ᠶᠤᠮ?
ᠪᠤᠺᠠ᠄ ᠴᠢ ᠪᠠᠢᠭ᠎ᠠ ᠪᠠᠷ ᠢ᠋ᠶ᠋ᠠᠨ ᠯᠠ ᠬᠥᠭᠡᠷᠦᠬᠦᠨ ᠰᠢᠦ ᠳᠡ᠂ ᠲᠤᠤᠨᠢ ᠮᠢᠨᠢ
ᠲᠤᠤᠨᠢ ᠄ ᠨᠡᠭᠡᠷᠡᠨ ᠲᠡᠢᠮᠦ ᠰᠢᠦ᠂ ᠪᠢ ᠴᠢᠨᠢ ᠨᠡᠭᠡᠷᠡᠨ ᠴᠢᠷᠠᠢᠯᠠᠭ ᠲᠤᠤᠨᠢ ᠰᠢᠦ᠃
ᠷᠦᠪᠢ᠄ ᠡᠨᠡ ᠰᠠᠨᠢ ᠪᠠᠰᠠ ᠶᠠᠭᠠᠬᠢᠴᠢᠬᠠᠪᠠ?
ᠰᠠᠨᠢ᠄ ᠪᠢ ᠪᠡᠯᠡᠨ᠃
ᠶᠦᠨᠢ᠄ ᠶᠠᠮᠠᠷ ᠭᠣᠶᠣ ᠶᠤᠮ ᠪᠣᠢ? ᠰᠠᠨᠢ
ᠰᠠᠨᠢ᠄ ᠬᠠᠮᠤᠭ ᠤ᠋ᠨ ᠴᠢᠬᠤᠯᠠ ᠡᠳᠦᠷ ᠵᠢᠨᠨ ᠡᠮᠦᠰᠬᠦ ᠭᠡᠳ ᠬᠠᠳᠠᠭᠠᠯᠠᠵᠤ ᠪᠠᠢᠭᠰᠠᠨ ᠶᠤᠮ ᠰᠢᠦ᠃ ᠭᠣᠶᠣ ᠪᠠᠢᠭ᠎ᠠ ᠪᠢᠵᠡ?
ᠲᠤᠤᠨᠢ ᠄ ᠶᠣᠰᠣᠲᠠᠢ ᠭᠣᠶᠣ᠁
ᠪᠤᠺᠠ᠄ ᠵᠠ ᠪᠦᠭᠦᠳᠡᠭᠡᠷ ᠢ᠋ᠶ᠋ᠡᠨ ᠪᠡᠯᠡᠨ ᠪᠣᠯᠤᠭᠰᠠᠨ ᠪᠢᠵᠡ᠂ ᠤᠳᠠᠬᠤ ᠦᠭᠡᠢ ᠠᠭᠤᠯᠵᠠᠬᠤ ᠬᠥᠮᠦᠨ ᠲᠡᠢ ᠪᠡᠨ ᠠᠭᠤᠯᠵᠠᠨ᠎ᠠ ᠭᠡᠵᠦ ᠪᠣᠳᠣᠬᠤ ᠪᠠᠷ ᠯᠠ᠁
ᠲᠤᠤᠨᠢ ᠄ ᠵᠠ ᠭᠢᠯᠠᠯᠵᠠ᠂ ᠪᠢ ᠪᠦᠷ ᠰᠠᠨᠳᠤᠷᠤᠭᠠᠳ ᠪᠠᠢᠨ᠎ᠠ᠃
ᠷᠦᠪᠢ᠄ ᠵᠠ ᠪᠦᠭᠦᠳᠡ ᠭᠠᠷ ᠭᠠᠷ ᠠ᠋ᠴᠠ ᠪᠠᠨ ᠪᠠᠷᠢᠭᠠᠷᠠᠢ!
ᠶᠦᠨᠢ᠄ ᠨᠢᠭᠡ ᠬᠣᠶᠠᠷ ᠤ᠋ᠨ ᠭᠤᠷᠪᠠ ᠠ᠋᠃
ᠰᠢᠮᠨᠤᠰ᠄ ᠠ ᠬᠠ᠂ ᠲᠡᠭᠡᠬᠦ ᠪᠡᠷ ᠡᠨᠡ ᠬᠡᠳᠦ ᠶ᠋ᠢᠨ ᠭᠠᠢᠬᠠᠯᠲᠠᠢ ᠨᠢᠭᠡᠨ ᠪᠠᠶᠠᠷ ᠢ᠋ ᠨᠢ ᠰᠦᠢᠳᠬᠡᠨ᠎ᠡ᠂ ᠶᠠᠭᠠᠬᠢᠵᠤ ᠥᠪᠡᠷ ᠢ᠋ ᠪᠡᠨ ᠥᠭᠡᠷᠡᠴᠢᠯᠡᠬᠦ ᠤᠤ? ᠶᠠᠭᠠᠬᠢᠵᠤ ᠲᠡᠳᠡ ᠨᠠᠷ ᠲᠤ᠌ ᠪᠠᠷᠢᠭᠳᠠᠬᠤ ᠦᠭᠡᠢ ᠪᠡᠷ ᠪᠠᠶᠠᠷ ᠢ᠋ ᠨᠢ ᠪᠤᠰᠠᠨᠢᠭᠤᠯᠵᠤ ᠤᠤ? ᠰᠠᠢᠨ ᠪᠣᠳᠣᠶ᠎ᠠ ᠂ ᠠᠯᠢ ᠪᠤᠯᠬᠣ ᠮᠢᠨᠦ ᠪᠡᠶ᠎ᠡ ᠰᠠᠢᠨ ᠪᠣᠳᠣᠭᠠᠳ ᠲᠡᠭᠡᠶ᠎ᠡ᠂ ᠠ᠁ ᠢᠩᠭᠢᠭᠡᠳ ᠨᠠᠮ᠎ᠠ ᠶ᠋ᠢ ᠲᠡᠳᠡ ᠲᠠᠨᠢᠬᠤ ᠦᠭᠡᠢ ᠪᠠᠢᠬᠤ ᠠ᠋᠂ ᠣᠳᠣ ᠪᠤᠰᠢᠭᠤᠬᠠᠨ ᠠᠷᠤ ᠠ᠋ᠴᠠ ᠨᠢ ᠣᠴᠢᠵᠤ ᠪᠠᠶᠠᠷ ᠢ᠋ ᠨᠢ ᠰᠦᠢᠳᠬᠡᠳᠡᠭ ᠬᠡᠷᠡᠭ ᠠ᠋᠂ ᠬᠥᠶᠢ ᠡᠨᠡ ᠬᠣᠭᠣᠯᠠᠢ ᠮᠢᠨᠢ ᠶᠠᠭᠠᠬᠢᠭᠰᠠᠨ ᠥᠬᠥᠭᠡᠷᠳᠡᠮ᠎ᠡ ᠪᠣᠯᠴᠢᠬᠠᠪᠠ? ᠬᠠᠷᠢᠨ ᠲᠠ ᠨᠠᠷ ᠡᠨᠡ ᠨᠢᠭᠤᠴᠠ ᠶ᠋ᠢ ᠮᠢᠨᠢ ᠬᠠᠳᠠᠭᠠᠯᠠᠨ᠎ᠠ ᠪᠢᠵᠡ!
ᠦᠰᠦᠭ ᠠᠮᠢᠯᠠᠭᠤᠯᠤᠭᠴᠢ ᠄ᠾᠦᠩ ᠸᠧᠢ
ᠦᠰᠦᠭ ᠬᠠᠲᠠᠭᠴᠢ᠄ᠾᠦᠩ ᠸᠧᠢ
ᠬᠢᠨᠠᠯᠲᠠ᠄ ᠱᠤᠳᠤᠷᠭᠣ᠂ ᠮᠦᠴᠢᠷ
