ᠫᠣᠷᠣᠷᠣ᠋ ᠨᠢᠭᠡᠳᠦᠭᠡᠷ ᠪᠦᠯᠦᠭ25 ᠠᠩᠭᠢ ПоророPororo ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ25 ᠠᠩᠭᠢ ПоророPororo

ᠫᠣᠷᠣᠷᠣ᠋ ᠨᠢᠭᠡᠳᠦᠭᠡᠷ ᠪᠦᠯᠦᠭ25 ᠠᠩᠭᠢ ПоророPororo

2024-12-25

1174

ᠫᠣᠷᠣᠷᠣ᠋ ᠨᠢᠭᠡᠳᠦᠭᠡᠷ ᠪᠦᠯᠦᠭ25 ᠠᠩᠭᠢ

 ᠪᠢᠴᠢᠬᠠᠨ ᠣᠴᠣᠩ ᠰᠢᠪᠠᠭᠤ ᠫᠣᠷᠣᠷᠣ᠋ 

 ᠡᠬᠢᠯᠡᠯᠲᠡ ᠶ᠋ᠢᠨ ᠳᠠᠭᠤᠤ 
    ᠬᠥᠶᠢ ᠫᠣᠷᠣᠷᠣ᠋ ᠪᠠᠢᠨ᠎ᠠ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
    ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
    ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
    ᠬᠡᠵᠢᠶᠡᠳᠡ ᠴᠦ᠍ ᠰᠣᠨᠢᠷᠬᠠᠯᠲᠠᠢ 
    ᠥᠨᠥᠳᠥᠷ ᠪᠠᠰᠠ ᠶᠠᠭᠤ ᠪᠣᠯᠬᠤ ᠪᠣᠯ ᠫᠣᠷᠣᠷᠣ᠋ 
    ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋ 
    ᠫᠤᠷᠤ ᠫᠤᠷᠤ ᠫᠤᠷᠤ ᠫᠤᠷᠤ ᠫᠣᠷᠣᠷᠣ᠋ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋ 

ᠫᠤᠷᠤᠷᠤ᠋ ᠪᠠᠭᠪᠠᠬᠠᠢ ᠴᠡᠴᠡᠭ ᠲᠡᠢ ᠲᠠᠨᠢᠯᠴᠠᠭᠰᠠᠨ ᠨᠢ 
— —ᠫᠤᠷᠤᠷᠤ᠋ ᠺᠷᠤᠨ ᠬᠣᠶᠠᠷ ᠶᠠᠭᠤ ᠬᠢᠵᠦ ᠪᠠᠢᠭ᠎ᠠ ᠶᠤᠮ ᠪᠣᠯ ? 
ᠫᠣᠷᠣᠷᠣ᠋᠄ᠮᠠ᠋ ᠴᠢ 
ᠺᠷᠤᠨ᠄ᠦ 
ᠫᠣᠷᠣᠷᠣ᠋᠄ᠬᠠ 
ᠺᠷᠤᠨ᠄ᠬᠢ ᠁ ᠺᠤᠷᠠ᠂ᠺᠤᠷᠠ ᠁ 
ᠫᠣᠷᠣᠷᠣ᠋᠄ᠠ ᠬᠠ ᠬᠠ ᠬᠦ᠌ ᠁ᠸᠧ ᠁ 
ᠺᠷᠤᠨ᠄ᠸᠠ ᠁ 
ᠯᠥᠤᠫᠢ᠄ᠫᠤᠷᠤᠷᠤ᠋᠂ ᠺᠷᠤᠨ 
ᠫᠣᠷᠣᠷᠣ᠋᠄ᠣᠷᠣᠭᠠᠳ ᠢᠷ᠎ᠡ ᠠ᠋ 
ᠫᠣᠷᠣᠷᠣ᠋᠂ᠺᠷᠤᠨ᠄ᠸᠠ ᠁ 
ᠯᠥᠤᠫᠢ᠄ᠸᠠ ᠁ 
ᠫᠣᠷᠣᠷᠣ᠋᠄ᠬᠡ ᠬᠡ ᠁ ᠠᠶᠤᠭᠰᠠᠨ ᠤᠤ ᠯᠥᠤᠫᠢ ? 
ᠯᠥᠤᠫᠢ᠄ᠢᠨᠢᠶᠡᠳᠦᠲᠡᠢ ᠭᠡᠳᠡᠭ ᠨᠢ᠂ ᠲᠠ ᠬᠣᠶᠠᠷ ᠲᠠᠢ ᠲᠣᠭᠯᠠᠬᠤ ᠦᠭᠡᠢ 
ᠺᠷᠤᠨ᠄ᠠ ᠠ ᠁ ᠺᠤᠷᠠ 
ᠯᠥᠤᠫᠢ᠄ᠯᠠ ᠯᠠ ᠯᠠ ᠯᠠ ᠯᠠ ᠁ ᠬᠡ ᠬᠡ ᠁ᠰᠠᠢᠬᠠᠨ ᠦᠨᠦᠷᠲᠦᠵᠦ ᠪᠠᠢᠨ᠎ᠠ 
ᠫᠣᠷᠣᠷᠣ᠋᠄ᠯᠥᠤᠫᠢ ᠬᠡ ᠬᠡ 
ᠺᠷᠤᠨ᠄ ᠺᠤᠷᠠ ᠁ 
ᠯᠥᠤᠫᠢ᠄ᠶᠠᠭᠠᠬᠢᠬᠤ ᠭᠡᠵᠦ ᠶᠠᠪᠤᠭ᠎ᠠ ᠶᠤᠮ ? 
ᠫᠣᠷᠣᠷᠣ᠋᠄ᠲᠦᠷᠭᠡᠨ ᠠᠭᠤᠴᠢᠯᠠᠭᠠᠷᠠᠢ 
ᠺᠷᠤᠨ᠄ᠺᠤᠷᠠ ᠠᠭᠤᠴᠢᠯᠠᠭᠠᠷᠠᠢ
ᠯᠥᠤᠫᠢ᠄ᠬᠣᠢᠰᠢᠳᠠ ᠲᠡᠭᠡᠵᠦ ᠲᠣᠭᠯᠠᠬᠤ ᠦᠭᠡᠢ ᠪᠢᠵᠡ 
ᠺᠷᠤᠨ᠄ᠺᠤᠷᠠ ᠁ 
ᠯᠥᠤᠫᠢ᠄ᠬᠦᠯᠢᠶᠡᠵᠦ ᠪᠠᠢᠭᠠᠷᠠᠢ᠂ ᠤᠤᠭᠤᠬᠤ ᠶᠠᠭᠤᠮ᠎ᠠ ᠠᠪᠤᠭᠠᠳ ᠢᠷᠡᠶ᠎ᠡ 
ᠫᠣᠷᠣᠷᠣ᠋᠄ᠡᠨᠡ ᠴᠡᠴᠡᠭ ᠴᠢᠨᠢ ᠭᠣᠶᠣ ᠶᠤᠮ ᠠ᠋ 
ᠯᠥᠤᠫᠢ᠄ᠨᠠᠭᠠᠳᠤᠬᠢ ᠴᠢᠨᠢ ᠪᠠᠭᠪᠠᠬᠠᠢ ᠴᠡᠴᠡᠭ 
ᠫᠣᠷᠣᠷᠣ᠋᠄ᠯᠥᠤᠫᠢ ᠡᠨᠡ ᠴᠡᠴᠡᠭ ᠢ᠋ᠶ᠋ᠡᠨ ᠨᠠᠳᠠ ᠳ᠋ᠤ᠌ ᠥᠭᠴᠦ ᠪᠣᠯᠬᠤ ᠤᠤ ? 
ᠯᠥᠤᠫᠢ᠄ᠴᠢ ᠴᠡᠴᠡᠭ ᠢ᠋ᠶ᠋ᠡᠷ ᠶᠠᠭᠠᠬᠢᠬᠤ ᠨᠢ ᠪᠣᠢ ? 
ᠫᠣᠷᠣᠷᠣ᠋᠄ᠪᠢ ᠴᠦ᠍ ᠭᠡᠰᠡᠨ ᠴᠡᠴᠡᠭ ᠤᠷᠭᠤᠭᠤᠯᠵᠤ ᠦᠵᠡᠮᠡᠷ ᠪᠠᠢᠨ᠎ᠠ 
ᠯᠥᠤᠫᠢ᠄ᠠ ?ᠬᠠ ᠬᠠ ᠁ᠲᠡᠭᠡ ᠲᠡᠭᠡ 
ᠫᠣᠷᠣᠷᠣ᠋᠄ᠨᠡᠭᠡᠷᠡᠨ ᠦᠦ ? 
ᠯᠥᠤᠫᠢ᠄ᠲᠡᠢᠮᠦ ᠠ᠋᠂ ᠬᠠᠷᠢᠨ ᠰᠠᠢᠨ ᠤᠷᠭᠤᠭᠤᠯᠤᠭᠠᠷᠠᠢ !
ᠫᠣᠷᠣᠷᠣ᠋᠄ᠪᠠᠶᠠᠷᠯᠠᠯ᠎ᠠ᠂ ᠪᠢ ᠶᠠᠪᠤᠯ᠎ᠠ ᠯᠥᠤᠫᠢ
ᠯᠥᠤᠫᠢ᠄ᠫᠤᠷᠤᠷᠤ᠋ ᠁ 
ᠺᠷᠤᠨ᠄ᠺᠤᠷᠠ ᠁ ᠺᠤᠷᠠ ᠺᠤᠷᠠ 
ᠯᠥᠤᠫᠢ᠄ᠪᠠᠶᠠᠷᠲᠠᠢ᠂ᠫᠤᠷᠤᠷᠤ᠋ ᠰᠠᠢᠨ ᠤᠷᠭᠤᠭᠤᠯᠵᠤ ᠴᠢᠳᠠᠬᠤ ᠪᠣᠯᠪᠠ ᠤᠤ ? 
ᠫᠣᠷᠣᠷᠣ᠋᠄ᠶᠠ ᠶᠠ ᠶᠠ ᠶᠠ ᠶᠠ ᠁ ᠬᠠ ᠬᠠ ᠬᠠ ᠁ 
— —ᠫᠤᠷᠤᠷᠤ᠋ ᠮᠠᠨᠢ ᠪᠠᠭᠪᠠᠬᠠᠢ ᠴᠡᠴᠡᠭ ᠤᠷᠭᠤᠭᠤᠯᠬᠤ ᠪᠣᠯᠤᠭᠰᠠᠨ ᠳ᠋ᠤ᠌ ᠪᠠᠨ ᠦᠨᠡᠬᠡᠷ ᠪᠠᠶᠠᠷ ᠲᠠᠢ ᠪᠠᠢᠯ᠎ᠠ 
ᠫᠣᠷᠣᠷᠣ᠋᠄ᠰᠠᠢᠬᠠᠨ ᠠᠮᠠᠷᠠᠭᠠᠷᠠᠢ᠂ ᠮᠠᠷᠭᠠᠰᠢ ᠠᠭᠤᠯᠵᠠᠶ᠎ᠠ 
— —ᠶᠠᠭᠠᠬᠢᠨ᠎ᠠ ᠴᠡᠴᠡᠭ ᠨᠢ ᠬᠠᠲᠠᠴᠢᠬᠠᠵᠠᠢ 
ᠫᠣᠷᠣᠷᠣ᠋᠄ᠠ᠋᠂ ᠶᠠᠭᠠᠬᠢᠨ᠎ᠠ ᠡᠨᠡ ᠶᠠᠭᠤ ᠪᠣᠢ ? 
ᠺᠷᠤᠨ᠄ᠺᠤ ᠁ ᠺᠤᠷᠠ 
ᠫᠣᠷᠣᠷᠣ᠋᠄ᠺᠷᠤᠨ ᠮᠢᠨᠦ ᠴᠡᠴᠡᠭ ᠬᠠᠲᠠᠴᠢᠬᠠᠵᠠᠢ 
ᠺᠷᠤᠨ᠄ᠺᠤᠷᠠ ᠺᠤᠷᠠ 
ᠣᠯᠠᠨ᠄ᠫᠤᠷᠤᠷᠤ᠋᠂ ᠺᠷᠤᠨ ᠁ ᠰᠠᠢᠨ ᠤᠤ ? 
ᠫᠤᠪᠢ᠄ᠥᠴᠥᠭᠡᠳᠦᠷ ᠲᠣᠭᠯᠠᠭᠠᠮ ᠤ᠋ᠨ ᠲᠠᠯᠠᠪᠠᠢ ᠳᠡᠭᠡᠷ᠎ᠡ ᠴᠦ᠍ ᠢᠷᠡᠬᠦ ᠦᠭᠡᠢ ? 
ᠫᠣᠷᠣᠷᠣ᠋᠄ᠯᠥᠤᠫᠢ ᠶ᠋ᠢᠨ ᠥᠭᠭᠦᠭᠰᠡᠨ ᠪᠠᠭᠪᠠᠬᠠᠢ ᠴᠡᠴᠡᠭ ᠦᠬᠦᠴᠢᠬᠡᠭᠰᠡᠨ 
ᠯᠥᠤᠫᠢ᠄ᠶᠠᠭᠤ ᠨᠡᠭᠡᠷᠡᠨ ᠦᠦ ? 
ᠺᠷᠤᠨ᠄ᠺᠤᠷᠠ ᠺᠤᠷᠠ ᠁ 
ᠫᠣᠷᠣᠷᠣ᠋᠄ᠡᠨᠡ ᠶᠠᠭᠤ ᠪᠣᠢ ? 
ᠯᠥᠤᠫᠢ᠄ᠬᠢ ᠬᠢ ᠁ ᠲᠡᠢᠮᠦ ᠪᠠᠢᠵᠠᠢ᠃ᠫᠤᠷᠤᠷᠤ᠋᠂ ᠴᠡᠴᠡᠭ ᠳᠡᠯᠪᠡᠭᠡᠯᠡᠭᠰᠡᠨ ᠪᠣᠯ ᠬᠡᠵᠢᠶ᠎ᠡ ᠨᠢᠭᠡᠨ ᠴᠠᠭ ᠲᠤ᠌ ᠦᠬᠦᠵᠦ ᠯᠡ ᠲᠠᠭᠠᠷᠠᠨ᠎ᠠ᠃ᠭᠡᠬᠦ ᠳ᠋ᠡᠭᠡᠨ ᠨᠠᠭᠠᠳᠤᠬᠢ ᠴᠢᠨᠢ ᠦᠬᠦᠬᠦ ᠪᠢᠰᠢ᠂ᠲᠠᠰᠤᠷᠠᠭᠰᠠᠨ ᠦᠷ᠎ᠡ ᠨᠦ᠍ᠭᠦᠳ ᠭᠠᠵᠠᠷ ᠤ᠋ᠨ ᠬᠥᠷᠥᠰᠥᠨ ᠳ᠋ᠦ᠍ ᠤᠨᠠᠭᠠᠳ ᠳᠠᠬᠢᠨ ᠴᠡᠴᠡᠭ ᠪᠣᠯᠤᠨ ᠳᠡᠯᠪᠡᠭᠡᠯᠡᠳᠡᠭ ᠶᠦᠮ᠃ 
ᠫᠣᠷᠣᠷᠣ᠋᠄ᠨᠡᠭᠡᠷᠡᠨ ᠦᠦ ? 
ᠯᠥᠤᠫᠢ᠄ᠲᠡᠢᠮᠦ ᠠ᠋᠂ ᠴᠢ ᠨᠠᠭᠠᠳᠤᠬᠢ ᠪᠠᠨ ᠦᠯᠢᠶᠡᠬᠦ ᠶᠦᠮ ᠪᠣᠯ ᠪᠦᠭᠦᠳᠡ ᠬᠡᠢᠰᠦᠭᠡᠳ ᠶᠠᠪᠤᠴᠢᠬᠠᠨ᠎ᠠ 
ᠫᠣᠷᠣᠷᠣ᠋᠄ᠠᠮᠠ ᠪᠠᠷ ᠢ᠋ᠶ᠋ᠠᠨ ᠦᠯᠢᠶᠡᠬᠦ ᠶᠦᠮ ᠦᠦ ? 
ᠣᠯᠠᠨ᠄ᠠ᠋᠂ ᠬᠡ ᠬᠡ ᠁ᠸᠠ ᠁
 — —ᠬᠡᠢᠰᠦᠨ ᠣᠳᠬᠤ ᠦᠷ᠎ᠡ ᠨᠦ᠍ᠭᠦᠳ ᠢ᠋ ᠬᠠᠷᠠᠭᠠᠳ ᠫᠤᠷᠤᠷᠤ᠋ ᠮᠠᠨᠢ ᠢᠯᠡᠭᠦᠦ ᠣᠯᠠᠨ ᠪᠠᠭᠪᠠᠬᠠᠢ ᠴᠡᠴᠡᠭ ᠳᠠᠬᠢᠨ ᠳᠡᠯᠭᠡᠷᠡᠬᠦ ᠶ᠋ᠢ ᠵᠠᠯᠪᠠᠷᠢᠯ᠎ᠠ ᠃

ᠲᠡᠭᠦᠰᠬᠡᠯ ᠦ᠋ᠨ ᠳᠠᠭᠤᠤ 

    ᠯᠡ ᠯᠡ᠁ ᠯᠡ᠁ ᠺᠣᠷᠠ 
    ᠯᠡ ᠯᠡ᠁ ᠯᠡ᠁ ᠺᠣᠷᠠ 
    ᠯᠡ ᠯᠡ᠁ ᠯᠡ ᠯᠡ᠁ ᠯᠡ ᠺᠣᠷᠠ 
    ᠮᠥᠰᠥᠨ ᠦ᠌ ᠴᠠᠭᠠᠨ ᠪᠠᠭᠠᠪᠠᠭᠠᠢ ᠫᠤᠪᠢ 
    ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠳ᠋ᠳᠢ
    ᠰᠠᠢᠬᠠᠨ ᠰᠡᠳᠬᠢᠯᠳᠦ ᠮᠢᠨᠵᠢ ᠥᠬᠢᠨ ᠯᠥᠤᠫᠢ
    ᠳ᠋ᠢᠨᠰᠠᠪᠤᠤᠷ ᠤ᠋ᠨ ᠵᠤᠯᠵᠠᠭ᠎ᠠ ᠺᠷᠤᠨ 
    ᠰᠠᠬᠢᠯᠭ᠎ᠠ ᠦᠭᠡᠢ ᠪᠠᠨᠳᠢ ᠫᠣᠷᠣᠷᠣ᠋ 
    ᠪᠢᠳᠡ ᠪᠣᠯ ᠰᠠᠢᠨ ᠨᠠᠢᠵᠠ ᠨᠤᠭᠤᠳ 
    ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ 
    ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ 
    ᠦᠷᠭᠦᠯᠵᠢ ᠪᠡᠶ᠎ᠡ ᠪᠡᠶ᠎ᠡ ᠪᠡᠨ ᠣᠢᠯᠠᠭᠠᠵᠤ 
    ᠪᠢᠳᠡ ᠰᠠᠢᠨ ᠨᠠᠢᠵᠠ ᠨᠤᠭᠤᠳ ᠪᠢᠯᠡ 
     ᠯᠡ ᠯᠡ ᠁  ᠯᠡ ᠺᠣᠷᠠ ᠺᠣᠷᠠ 

ᠦᠰᠦᠭ ᠠᠮᠢᠯᠠᠭᠤᠯᠤᠨ ᠬᠠᠲᠠᠭᠰᠠᠨ ᠨᠢ᠄ ᠪᠠᠶᠠᠨᠲᠠᠨ᠎ᠠ
 ᠬᠢᠨᠠᠭᠰᠠᠨ ᠨᠢ᠄ ᠮᠥᠴᠢᠷ