ᠵᠡᠭᠦᠳᠦ - ᠱ ᠂ ᠭᠦᠷᠦᠪᠠᠽᠠᠷ Зүүд – Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦ - ᠱ ᠂ ᠭᠦᠷᠦᠪᠠᠽᠠᠷ Зүүд – Ш᠂ Гүрбазар

ᠵᠡᠭᠦᠳᠦ - ᠱ ᠂ ᠭᠦᠷᠦᠪᠠᠽᠠᠷ Зүүд – Ш᠂ Гүрбазар

2024-12-24

382

ᠵᠡᠭᠦᠳᠦ


 ᠤᠷᠢᠳᠤ ᠰᠥᠨᠢ ᠪᠢ ᠡᠵᠢ ᠳ᠋ᠡᠭᠡᠨ 
 ᠤᠰᠤ ᠬᠦᠷᠭᠡᠵᠦ ᠶᠠᠪᠤᠨ᠎ᠠ ᠭᠡᠵᠦ ᠵᠡᠭᠦᠳᠦᠯᠡᠯ᠎ᠡ 
 ᠤᠷᠤᠭᠤᠯ ᠢ᠋ᠶ᠋ᠠᠨ ᠲᠠᠰᠤ ᠬᠠᠵᠠᠨ 
 ᠠᠭᠤᠯᠠ ᠲᠠᠯ᠎ᠠ ᠶ᠋ᠢ ᠲᠠᠭᠤᠴᠢᠵᠤ 
 ᠭᠦᠮ ᠦ᠋ᠨ ᠭᠤᠲᠤᠯ ᠤ᠋ᠨ ᠢ᠋ᠶ᠋ᠠᠨ ᠤᠯᠠ ᠪᠠᠷ 
 ᠬᠥᠯ ᠢ᠋ᠶ᠋ᠡᠨ ᠵᠢᠭᠢᠨ ᠲᠠᠭᠤᠴᠢᠵᠤ ᠶᠠᠪᠤᠨ᠎ᠠ ᠭᠡᠵᠦ ᠵᠡᠭᠦᠳᠦᠯᠡᠯ᠎ᠡ  

 ᠭᠡᠲᠡᠯ᠎ᠡ 
 ᠠᠷᠠᠰᠤᠨ ᠲᠠᠰᠢᠮᠠᠭ ᠴᠤᠭᠤᠷᠠᠵᠤ 
 ᠡᠭᠦᠷᠦᠭᠰᠡᠨ ᠤᠰᠤ ᠮᠢᠨᠢ ᠠᠰᠬᠠᠷᠠᠴᠢᠬᠠᠬᠤ ᠶᠤᠮ 
 ᠠᠩᠭᠠᠭ ᠴᠠᠩᠭᠠᠭ ᠬᠥᠷᠥᠰᠥ ᠬᠣᠪᠬᠤ ᠰᠣᠷᠣᠴᠢᠬᠠᠬᠤ ᠶᠤᠮ 
 ᠠᠷᠭᠠᠯ ᠵᠡᠭᠡᠭᠯᠡᠭᠰᠡᠨ ᠡᠵᠢ ᠳ᠋ᠡᠭᠡᠨ 
 ᠤᠰᠤ ᠦᠭᠡᠢ ᠣᠴᠢᠬᠤ ᠨᠢ 
 ᠠᠶᠠᠭ᠎ᠠ ᠴᠡᠭᠡᠨ ᠬᠢᠷᠠᠮ᠎ᠠ 
 ᠤᠤᠭᠤᠯᠭᠠᠵᠤ ᠠᠮᠵᠢᠬᠤ ᠦᠭᠡᠢ ᠨᠢ 
 ᠠᠯᠠᠭ ᠦᠷ᠎ᠡ ᠶ᠋ᠢᠨ ᠢ᠋ᠶ᠋ᠡᠨ ᠨᠢᠯᠪᠤᠰᠤ ᠪᠠᠷ ᠯᠠ 
 ᠠᠮᠠ ᠪᠠᠨ ᠴᠢᠭᠢᠭᠯᠡᠳᠡᠭ ᠦᠭᠡᠢ ᠶᠦᠮ ᠪᠣᠯ 
 ᠠᠩᠭᠢᠷ ᠰᠠᠢᠬᠠᠨ ᠡᠵᠢ ᠮᠢᠨᠢ 
 ᠠᠩᠭᠠᠵᠤ ᠦᠬᠦᠬᠦ ᠨᠢ ᠭᠡᠵᠦ ᠵᠡᠭᠦᠳᠦᠯᠡᠯ᠎ᠡ  

 ᠡᠯᠢᠭᠡ ᠬᠥᠬᠡᠷᠡᠲᠡᠯ᠎ᠡ ᠬᠠᠷ᠎ᠠ ᠳᠠᠷᠤᠭᠰᠠᠨ 
 ᠵᠡᠭᠦᠳᠦᠨ ᠦ᠌ ᠲᠠᠭ ᠢ᠋ᠶ᠋ᠠᠨ ᠲᠦᠯᠬᠢᠲᠡᠯ᠎ᠡ 
 ᠡᠵᠢ ᠶ᠋ᠢᠨ ᠮᠢᠨᠢ ᠨᠥᠮᠥᠷᠢ 
 ᠳᠡᠷᠭᠡᠳᠡ ᠪᠠᠢᠭᠰᠠᠨ ᠦᠭᠡᠢ 
 ᠰᠠᠢᠬᠠᠨ ᠡᠵᠢ ᠪᠡᠨ ᠪᠢ 
 ᠰᠠᠨᠠᠭ᠎ᠠ ᠶ᠋ᠢ ᠨᠢ ᠴᠠᠩᠭᠠᠭᠠᠭᠰᠠᠨ ᠶᠤᠮ ᠪᠢᠰᠢ ᠪᠠᠢᠭ᠎ᠠ 
 ᠬᠣᠶᠠᠷ ᠨᠠᠷᠠ ᠶ᠋ᠢ ᠡᠷᠢᠭᠰᠡᠨ ᠪᠢᠰᠢ 
 ᠬᠣᠯᠠ ᠶ᠋ᠢᠨ ᠭᠠᠵᠠᠷ ᠶᠠᠭᠤ ᠪᠠᠨ ᠬᠢᠨ᠎ᠡ 
 ᠮᠠᠷᠭᠠᠰᠢ ᠥᠷᠯᠥᠭᠡᠨ ᠦ᠌ ᠣᠩᠭᠣᠴᠠ ᠪᠠᠷ 
 ᠨᠤᠲᠤᠭ ᠲᠠᠭᠠᠨ ᠯᠠ ᠣᠴᠢᠶ᠎ᠠ᠂ ᠪᠠᠢᠵᠠ!  

       ᠦᠰᠦᠭ ᠠᠮᠢᠯᠠᠭᠤᠯᠤᠭᠴᠢ᠄ ᠡᠩᠬᠡᠪᠠᠲᠤ  
          ᠦᠰᠦᠭ ᠬᠢᠨᠠᠭᠴᠢ᠄ ᠪᠠᠶᠠᠷᠴᠡᠴᠡᠭ