ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 08ᠴᠠᠰᠤᠨ ᠴᠡᠴᠡᠭХэл бичиг-бага сургуули нэгдүгээр он доорд
8 ᠴᠠᠰᠤᠨ ᠴᠡᠴᠡᠭ
ᠤᠷᠭᠤᠮᠠᠯ ᠤ᠋ᠨ ᠴᠡᠴᠡᠭ ᠲᠠᠪᠤᠨ ᠬᠡᠯᠲᠡᠰ ᠲᠡᠢ ᠪᠠᠢᠬᠤ ᠳ᠋ᠤ᠌ ᠂ ᠴᠠᠰᠤᠨ ᠴᠡᠴᠡᠭ ᠲᠦ᠍ ᠵᠢᠷᠭᠤᠭᠠᠨ ᠬᠡᠯᠲᠡᠰ ᠲᠡᠢ ᠪᠠᠢᠳᠠᠭ ᠃ ᠡᠪᠦᠯ ᠴᠠᠰᠤ ᠣᠷᠣᠭᠰᠠᠨ ᠤ᠋ ᠳᠠᠷᠠᠭ᠎ᠠ ᠂ ᠪᠢᠳᠡᠨ ᠲᠣᠮᠣᠷᠠᠭᠤᠯᠬᠤ ᠰᠢᠯ ᠢ᠋ᠶ᠋ᠡᠷ ᠴᠠᠰᠤᠨ ᠯᠠᠪᠰᠠ ᠶ᠋ᠢ ᠠᠵᠢᠭᠯᠠᠪᠠᠯ ᠂ ᠴᠠᠰᠤᠨ ᠴᠡᠴᠡᠭ ᠨᠢ ᠤᠷᠠᠨ ᠵᠢᠷᠤᠭᠠᠴᠢ ᠰᠡᠢᠯᠵᠦ ᠲᠠᠯᠪᠢᠭᠰᠠᠨ ᠭᠡᠮᠡᠷ ᠭᠣᠢᠳᠠ ᠭᠣᠶᠣᠬᠠᠨ ᠲᠡᠭᠰᠢ ᠭᠡᠮ ᠲᠡᠢ ᠵᠢᠷᠭᠤᠭᠠᠨ ᠬᠡᠯᠲᠡᠰ ᠲᠡᠢ ᠪᠠᠢᠬᠤ ᠶ᠋ᠢ ᠣᠯᠵᠤ ᠬᠠᠷᠠᠳᠠᠭ ᠃ ᠡᠨᠡ ᠬᠦ᠌ ᠵᠢᠷᠭᠤᠭᠠᠨ ᠬᠡᠯᠲᠡᠰ ᠲᠡᠢ ᠴᠠᠰᠤᠨ ᠴᠡᠴᠡᠭ ᠢ᠋ ᠳᠠᠬᠢᠨ ᠨᠠᠷᠢᠨ ᠠᠵᠢᠭᠯᠠᠪᠠᠯ ᠂ ᠶᠠᠩᠵᠤ ᠪᠦᠷᠢ ᠶ᠋ᠢᠨ ᠬᠡᠯᠪᠡᠷᠢ ᠲᠡᠢ ᠪᠠᠢᠵᠤ ᠂ ᠡᠯᠳᠡᠪ ᠰᠣᠨᠢᠨ ᠴᠡᠴᠡᠭ ᠦ᠋ᠨ ᠳᠡᠯᠪᠢ ᠰᠢᠭ ᠲᠤᠩ ᠭᠣᠶᠣ ᠬᠠᠷᠠᠭᠳᠠᠳᠠᠭ ᠃
