ᠬᠠᠷ᠎ᠠ ᠲᠠᠩᠫᠣᠷᠣᠮХар тэнпором
ᠬᠠᠷ᠎ᠠ ᠲᠠᠩᠫᠣᠷᠣᠮ
ᠲᠤᠰ ᠡᠮ ᠪᠣᠯ ᠬᠠᠰᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠬᠠᠷ᠎ᠠ ᠲᠠᠩᠫᠤᠷᠤᠮ ᠤ᠋ᠨ ᠬᠠᠲᠠᠭᠠᠭᠰᠠᠨ ᠦᠨᠳᠦᠰᠦ ᠮᠥᠨ᠃ ᠪᠠᠰᠠ ᠲᠠᠩᠫᠣᠷᠤᠮᠨᠠᠭᠪᠤ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃20~40cmᠥᠨᠳᠥᠷ᠂ ᠮᠢᠬᠠᠯᠢᠭ ᠲᠣᠮᠣ ᠪᠥᠭᠡᠷᠡᠩᠬᠡᠢ ᠪᠠᠭᠠᠨ᠎ᠠ ᠪᠤᠶᠤ ᠱᠣᠷᠣᠯᠵᠢᠨ ᠬᠡᠯᠪᠡᠷᠢᠲᠦ ᠦᠨᠳᠦᠰᠦ ᠲᠡᠢ᠂ 30~60cm ᠤᠷᠲᠤ᠂ ᠳ᠋ᠢᠶᠠᠮᠧᠲ᠋ᠷ ᠨᠢ10~30cm᠂ ᠡᠰᠢ ᠨᠢ ᠰᠢᠯᠤᠭᠤᠨ ᠪᠤᠶᠤ ᠲᠠᠰᠢᠭᠤ ᠤᠷᠭᠤᠨ᠎ᠠ᠃ ᠣᠯᠠᠩᠬᠢ ᠨᠢ ᠪᠤᠲᠠᠯᠠᠳᠠᠭ᠃ ᠳᠤᠮᠳᠠ ᠠ᠋ᠴᠠ ᠳᠡᠭᠡᠭᠰᠢ ᠪᠡᠨ ᠰᠠᠯᠠᠭᠠᠯᠠᠨ᠎ᠠ᠃ ᠳᠠᠩ ᠨᠠᠪᠴᠢ ᠲᠠᠢ ᠪᠥᠭᠡᠳ ᠴᠤᠪᠤᠷᠠᠨ ᠤᠷᠭᠤᠨ᠎ᠠ᠃ ᠡᠰᠢᠨ ᠳ᠋ᠡᠬᠢ ᠨᠠᠪᠴᠢ ᠨᠢ ᠤᠷᠲᠤᠯᠵᠢᠨ ᠲᠣᠭᠣᠷᠢᠭ᠂ ᠨᠠᠷᠢᠨ ᠤᠷᠲᠤᠯᠵᠢᠨ ᠲᠣᠭᠣᠷᠢᠭ ᠰᠢᠭ᠋ ᠥᠨᠳᠡᠭᠡᠯᠵᠢᠨ ᠪᠤᠶᠤ ᠥᠨᠳᠡᠭᠡᠯᠵᠢᠨ ᠬᠡᠯᠪᠡᠷᠢ ᠲᠡᠢ᠂ 8~15cm ᠤᠷᠲᠤ᠂ 2.5~5cm ᠥᠷᠭᠡᠨ᠂ ᠱᠣᠪᠣᠭᠣᠷ ᠪᠤᠶᠤ ᠱᠣᠪᠬᠣ ᠦᠵᠦᠭᠦᠷ ᠲᠡᠢ᠂ ᠳᠣᠯᠭᠢᠶᠠᠯᠢᠭ ᠪᠤᠶᠤ ᠬᠣᠷᠣᠬᠠᠢ ᠢᠳᠡᠭᠰᠡᠨ ᠰᠢᠭ ᠨᠠᠷᠢᠨ ᠬᠡᠷᠴᠢᠶᠡᠰᠦ ᠲᠡᠢ᠂ ᠨᠠᠪᠴᠢᠨ ᠥᠪᠥᠷ ᠨᠢ ᠭᠦᠨ ᠨᠣᠭᠣᠭᠠᠨ᠂ ᠠᠷᠤ ᠨᠢ ᠭᠦᠢᠬᠡᠨ ᠨᠣᠭᠣᠭᠠᠨ᠂ ᠬᠣᠶᠠᠷ ᠲᠠᠯ᠎ᠠ ᠳ᠋ᠤᠨᠢ ᠪᠦᠷ ᠦᠰᠦ ᠦᠭᠡᠢ᠃ ᠴᠡᠴᠡᠭ ᠨᠢ ᠪᠣᠷᠣᠪᠲᠤᠷ ᠬᠦᠷᠡᠩ ᠪᠤᠶᠤ ᠪᠣᠷᠣᠪᠲᠤᠷ ᠤᠯᠠᠭᠠᠨ᠂ ᠨᠠᠪᠴᠢᠨ ᠰᠤᠭᠤ ᠳ᠋ᠤ᠌ ᠭᠠᠭᠴᠠᠭᠠᠷ ᠤᠨᠵᠢᠢᠵᠤ ᠳᠡᠯᠭᠡᠷᠡᠬᠦ ᠪᠤᠶᠤ ᠰᠢᠯᠤᠭᠤᠨ ᠳᠡᠯᠭᠡᠷᠡᠨ᠎ᠡ᠃ ᠴᠡᠴᠡᠭ ᠦ᠋ᠨ ᠲᠣᠭᠳᠣᠢ ᠨᠢ ᠬᠤᠩᠬ᠎ᠠ ᠬᠡᠯᠪᠡᠷᠢ ᠲᠡᠢ᠂2.5~6cm ᠤᠷᠲᠤ᠂ ᠭᠠᠳᠠᠷ ᠨᠢ ᠦᠰᠦ ᠦᠭᠡᠢ ᠪᠤᠶᠤ ᠶᠠᠯᠢᠮ ᠦᠭᠡᠢ ᠰᠡᠢᠷᠡᠭ ᠦᠰᠦ ᠲᠡᠢ᠂ ᠴᠡᠴᠡᠭᠯᠡᠬᠦ ᠦᠶ᠎ᠡ ᠳ᠋ᠦ᠍ ᠲᠣᠮᠣᠷᠠᠭᠠᠳ ᠴᠣᠮᠣ ᠬᠡᠯᠪᠡᠷᠢ ᠲᠡᠢ ᠪᠣᠯᠳᠠᠭ᠃ ᠴᠡᠴᠡᠭ ᠦ᠋ᠨ ᠳᠡᠯᠪᠢ ᠨᠢ ᠬᠤᠩᠬ᠎ᠠ ᠬᠡᠯᠪᠡᠷᠢ ᠲᠡᠢ᠂ 2.5~3.5cm ᠤᠷᠲᠤ᠂ ᠣᠷᠣᠢ ᠳ᠋ᠤᠨᠢ ᠭᠦᠢᠬᠡᠨ ᠣᠨᠢ ᠲᠠᠢ᠂ ᠴᠡᠴᠡᠭ ᠦ᠋ᠨ ᠳᠡᠯᠪᠢ ᠶ᠋ᠢᠨ ᠬᠣᠭᠣᠯᠠᠢ ᠳᠣᠲᠣᠷ᠎ᠠ ᠨᠢ ᠵᠥᠭᠡᠯᠡᠨ ᠦᠰᠦ ᠲᠡᠢ᠃ 5 ᠡᠷ᠎ᠡ ᠲᠣᠭᠣᠷᠴᠠᠭ ᠲᠠᠢ᠂ ᠳᠣᠬᠢᠭᠤᠷ ᠨᠢ ᠪᠦᠳᠦᠭᠦᠨ ᠪᠥᠭᠡᠳ ᠣᠬᠣᠷ᠃ ᠳᠡᠭᠡᠳᠦ ᠣᠷᠣᠨᠲᠤ ᠤᠮᠠᠢ ᠲᠠᠢ᠃ ᠬᠣᠩᠭᠣᠷᠴᠣᠭᠲᠤ ᠵᠢᠮᠢᠰ ᠨᠢ ᠪᠥᠮᠪᠥᠭᠡᠯᠢᠭ ᠪᠤᠶᠤ ᠥᠨᠳᠡᠭᠡᠯᠵᠢᠨ ᠰᠢᠭ᠂ ᠮᠥᠩᠬᠡ ᠣᠷᠣᠰᠢᠬᠤ ᠴᠡᠴᠡᠭ ᠦ᠋ᠨ ᠲᠣᠭᠳᠣᠢ ᠳᠣᠲᠣᠷ᠎ᠠ ᠪᠠᠭᠯᠠᠭᠳᠠᠵᠤ ᠪᠠᠢᠳᠠᠭ᠂ ᠭᠣᠣᠯ ᠢ᠋ᠶ᠋ᠠᠷ ᠢ᠋ᠶ᠋ᠠᠨ ᠴᠠᠭᠠᠷᠢᠭᠯᠠᠨ ᠬᠠᠭᠠᠷᠠᠨ᠎ᠠ᠃ ᠣᠯᠠᠨ ᠦᠷ᠎ᠡ ᠲᠡᠢ᠂ ᠦᠷ᠎ᠡ ᠨᠢ ᠲᠣᠭᠣᠷᠢᠭ᠂ ᠵᠢᠭᠠᠬᠠᠨ ᠬᠠᠪᠲᠠᠭᠠᠢ᠂ ᠣᠯᠠᠪᠲᠤᠷ ᠬᠦᠷᠡᠩ ᠥᠩᠭᠡ ᠲᠡᠢ᠃ 6~8 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠬᠠᠵᠠᠭᠤ᠂ ᠠᠢᠯ ᠲᠣᠰᠬᠣᠨ ᠤ᠋ ᠣᠷᠴᠢᠮ᠂ ᠵᠠᠮ ᠤ᠋ᠨ ᠵᠠᠬ᠎ᠠ᠂ ᠭᠣᠣᠯ ᠤ᠋ᠨ ᠳᠠᠩ᠂ ᠭᠣᠣ ᠰᠤᠵᠠᠭ ᠤ᠋ᠨ ᠬᠥᠪᠡᠭᠡ ᠪᠠ ᠨᠥᠮᠥᠷᠢ ᠡᠭᠡᠪᠦᠷ ᠠᠭᠤᠯᠠᠨ ᠭᠣᠣ ᠳ᠋ᠤ᠌ ᠤᠷᠭᠤᠨ᠎ᠠ᠃ ᠶᠦᠨᠨᠠᠨ᠂ᠭᠠᠨᠰᠦ᠂ ᠰᠧᠴᠤᠸᠠᠨ᠂ ᠬᠥᠬᠡᠨᠠᠭᠤᠷ᠂ ᠲᠥᠪᠡᠳ ᠲᠦ᠍ ᠲᠠᠷᠬᠠᠴᠠ ᠲᠠᠢ᠃
[ ᠲᠡᠭᠦᠵᠦ ᠪᠣᠯᠪᠠᠰᠤᠷᠠᠬᠤ] 9~10 ᠳ᠋ᠤᠭᠠᠷ ᠰᠠᠷ᠎ᠠ ᠳ᠋ᠤ᠌ ᠦᠨᠳᠦᠰᠦ ᠶ᠋ᠢ ᠨᠢ ᠮᠠᠯᠲᠠᠨ ᠠᠪᠴᠤ ᠤᠬᠢᠶᠠᠭᠠᠳ ᠭᠠᠳᠠᠷ ᠬᠠᠯᠢᠰᠤ᠂ ᠰᠠᠬᠠᠯ ᠦᠨᠳᠦᠰᠦ ᠶ᠋ᠢ ᠨᠢ ᠠᠷᠢᠯᠭᠠᠨ ᠬᠠᠶᠠᠵᠤ᠂ ᠬᠡᠷᠴᠢᠭᠡᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ ᠭᠣᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠂ ᠰᠢᠷᠦᠭᠦᠨ᠂ ᠬᠥᠯᠪᠡᠷᠢᠭᠦᠨ᠂ ᠬᠠᠭᠤᠷᠠᠢ᠂ ᠲᠣᠰᠣᠯᠢᠭ ᠡᠷᠳᠡᠮ ᠲᠡᠢ᠃ ᠶᠡᠬᠡ ᠬᠣᠣᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠬᠠᠪᠤᠳᠠᠷ ᠢ᠋ ᠬᠠᠷᠢᠭᠤᠯᠬᠤ᠂ ᠵᠠᠭᠤᠷᠠᠯᠲᠠ ᠶ᠋ᠢ ᠲᠠᠯᠪᠢᠭᠳᠠᠬᠤᠯᠬᠤ᠂ ᠬᠣᠷᠣᠬᠠᠢ ᠶ᠋ᠢ ᠨᠢᠲᠤᠯᠬᠤ᠂ ᠡᠪᠡᠳᠬᠦ ᠶ᠋ᠢ ᠵᠣᠭᠰᠣᠭᠠᠬᠤ᠂ ᠬᠦᠴᠦᠵᠢᠭᠦᠯᠬᠦ ᠴᠢᠳᠠᠯ ᠲᠠᠢ᠃ ᠭᠣᠣᠯᠳᠠᠭᠤ ᠰᠠᠬᠤᠤ ᠪᠣᠭᠣᠮ᠎ᠠ᠂ ᠶᠠᠮᠠ᠂ ᠲᠠᠷᠢᠬᠢᠨ ᠬᠠᠳᠬᠤᠯᠭ᠎ᠠ᠂ ᠨᠢᠶᠠᠨ ᠬᠣᠳᠣᠭᠣᠳᠣᠨ ᠤ᠋ ᠴᠠᠩᠬ᠎ᠠ᠂ ᠰᠢᠳᠦ ᠡᠪᠡᠳᠬᠦ᠂ ᠬᠣᠷᠤᠬᠠᠢᠳᠠᠬᠤ ᠡᠪᠡᠳᠴᠢᠨ᠂ ᠡᠷ᠎ᠡ ᠪᠡᠯᠭᠡ ᠰᠤᠯᠠᠷᠠᠭᠰᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 山莨菪
ᠠᠩᠭ᠌ᠯᠢ ᠨᠡᠷ᠎ᠡ᠄Anisodus tanguticus (Maxim.) Pascher
ᠦᠰᠦᠭ ᠠᠮᠢᠯᠠᠭᠤᠯᠤᠭᠴᠢ᠄ ᠪᠣᠷᠵᠢᠭᠢᠨ ᠳᠠᠷᠢᠮ᠎ᠠ
ᠬᠢᠨᠠᠭᠴᠢ᠄ ᠲᠤᠶᠠᠭ᠎ᠠ
