ᠠᠷᠭ᠎ᠠ ᠦᠭᠡᠢ ᠠᠮᠠᠷᠠᠭ - ᠪᠠᠪᠤᠤ ᠶ᠋ᠢᠨ ᡀᠬᠠᠪᠠᠰᠥ᠋ᠷᠦᠩ Аргагүй амраг — Бавуугийн Лхагвасүрэн
ᠠᠷᠭ᠎ᠠ ᠦᠭᠡᠢ ᠠᠮᠠᠷᠠᠭ
ᠨᠢᠭᠤᠴᠠᠬᠠᠨ ᠬᠠᠢᠷ᠎ᠠ ᠬᠠᠨᠢ ᠠ᠋ᠴᠠ ᠬᠣᠵᠢᠳᠠᠵᠤ ᠢᠷᠡᠳᠡᠭ᠁
ᠢᠯᠡᠭᠦᠳᠡᠭᠰᠡᠨ ᠳᠤᠲᠠᠭᠰᠠᠨ ᠰᠡᠳᠬᠢᠯ ᠡᠴᠡ ᠪᠣᠯᠤᠭ᠎ᠠ ᠦᠭᠡᠢ ᠮᠣᠷᠳᠠᠯ᠎ᠠ ᠪᠠᠨ
ᠢᠷᠡᠬᠦ ᠯᠡ ᠭᠡᠵᠦ ᠢᠷᠡᠳᠡᠭ ᠦᠢᠯᠡ ᠶ᠋ᠢᠨ ᠦᠷ᠎ᠡ᠃
ᠪᠦᠲᠦᠨ ᠠᠮᠢᠳᠤᠷᠠᠯ ᠤ᠋ᠨ ᠬᠠᠢᠷ᠎ᠠ ᠴᠠᠪᠯᠠᠵᠤ
ᠪᠥᠷᠲᠥᠢᠵᠦ ᠢᠷᠡᠭᠰᠡᠨ ᠪᠢᠲᠡᠭᠦᠦ ᠯᠠᠢ
ᠥᠪᠡᠷᠰᠡᠳ ᠢ᠋ᠶ᠋ᠡᠨ ᠯᠡ ᠰᠢᠨᠠᠯᠬᠤ ᠪᠠᠷ ᠵᠠᠶᠠᠭᠠᠭᠰᠠᠨ
ᠡᠪᠡᠰᠦ ᠪᠠᠭᠲᠠᠬᠤ ᠦᠭᠡᠢ ᠪᠠᠴᠢᠭᠤ ᠵᠠᠢ
ᠰᠠᠷᠠᠨ ᠨᠠᠷᠠᠨ ᠬᠠᠭᠠᠴᠠᠬᠤᠢ ᠶ᠋ᠢᠨ
ᠪᠦᠷᠦᠩᠬᠦᠢ ᠶ᠋ᠢᠨ ᠵᠠᠭᠠᠭ ᠲᠤ ᠣᠨᠣᠭᠳᠠᠭᠰᠠᠨ
ᠰᠡᠭᠦᠳᠡᠷ ᠭᠡᠷᠡᠯ ᠬᠣᠶᠠᠷ ᠤ᠋ᠨ
ᠪᠦᠯᠢᠶᠡᠬᠡᠨ ᠵᠠᠪᠰᠠᠷ ᠲᠤ ᠬᠠᠪᠴᠢᠭᠳᠠᠭᠰᠠᠨ
ᠦᠵᠡᠬᠦᠢ ᠰᠣᠨᠣᠰᠬᠤᠢ ᠬᠣᠶᠠᠷ ᠠ᠋ᠴᠠ
ᠦᠷᠭᠦᠵᠦ ᠲᠠᠩᠳᠠ ᠵᠤᠯᠠᠷᠠᠭᠰᠠᠨ
ᠡᠭᠦᠯᠡᠨ ᠴᠢᠯᠥᠭᠡᠨ ᠦ᠌ ᠵᠢᠷᠭᠠᠯ ᠳ᠋ᠠᠭᠠᠨ
ᠦᠬᠦᠵᠦ ᠠᠯᠲᠠᠨ ᠵᠤᠯᠠᠯᠠᠭᠰᠠᠨ
ᠬᠠᠯᠢᠷᠠᠵᠤ ᠶᠠᠪᠤᠬᠤ ᠶ᠋ᠢᠨ ᠡᠵᠡ ᠱᠦᠭᠯᠦᠭᠰᠡᠨ
ᠬᠠᠢᠷᠠᠲᠠᠢ ᠪᠠᠢᠬᠤ ᠶ᠋ᠢᠨ ᠠᠳ ᠵᠠᠢᠳᠠᠯᠠᠭᠰᠠᠨ᠃
ᠬᠣᠷᠸ᠎ᠠ ᠶ᠋ᠢᠨ ᠵᠣᠬᠢᠶᠠᠩᠭᠤᠢ ᠶ᠋ᠢᠨ ᠬᠥᠯ ᠳ᠋ᠦ᠍ ᠲᠠᠷᠠᠮᠳᠠᠵᠤ
ᠬᠠᠲᠠᠭᠤ ᠵᠣᠬᠢᠴᠠᠩᠭᠤᠢ ᠶ᠋ᠢᠨ《ᠰᠣᠯᠣᠭᠠᠢ》 ᠳ᠋ᠤ᠌ ᠵᠠᠶᠠᠭᠠᠭᠰᠠᠨ
ᠪᠤᠷᠤᠭᠤ ᠤᠤ? ᠵᠥᠪ ᠤᠤ? ᠭᠡᠵᠦ ᠠᠰᠠᠭᠤᠬᠤ ᠳ᠋ᠤ᠌
ᠪᠤᠷᠬᠠᠨ ᠬᠦᠷᠲᠡᠯ᠎ᠡ ᠳᠤᠤᠭᠠᠷᠳᠠᠭ ᠦᠭᠡᠢ ᠬᠠᠴᠢᠨ ᠬᠠᠢᠷ᠎ᠠ᠃
ᠬᠠᠢᠷ᠎ᠠ ᠬᠡᠮᠡᠬᠦ ᠳᠠᠯᠠᠢ ᠶ᠋ᠢᠨ ᠢᠷᠣᠭᠠᠷ ᠤ᠋ᠨ
ᠬᠢᠰᠤᠭᠠᠨ ᠳᠤᠮᠳᠠᠬᠢ ᠳᠠᠯᠳᠠ ᠰᠤᠪᠤᠳ
ᠬᠠᠯᠠᠭᠤᠨ ᠤᠯᠠᠭᠠᠨ ᠭᠣᠣᠯ ᠳ᠋ᠤ᠌ ᠪᠠᠨ᠂ ᠥᠪᠡᠷ ᠢ᠋ᠶ᠋ᠡᠨ ᠯᠡ ᠣᠯᠬᠤ ᠪᠠᠷ ᠨᠢᠭᠤᠭᠰᠠᠨ
《ᠬᠠᠲᠤᠨ》 ᠰᠠᠭᠤᠳᠠᠯ ᠦᠭᠡᠢ᠂《 ᠠᠷᠭ᠎ᠠ ᠦᠭᠡᠢ ᠠᠮᠠᠷᠠᠭ》
ᠣᠩᠭᠣᠯᠠᠭᠤᠯᠬᠤ ᠳ᠋ᠤ᠌ ᠮᠢᠨᠢ ᠬᠦᠷᠲᠡᠯ᠎ᠡ ᠳᠤᠲᠠᠵᠤ ᠳᠠᠭᠤᠰᠬᠤ
ᠣᠷᠴᠢᠯᠠᠩ ᠠ᠋ᠴᠠ ᠨᠠᠳᠠ ᠳ᠋ᠤ᠌ ᠥᠭᠭᠦᠭᠰᠡᠨ ᠬᠠᠭᠠᠰ ᠡᠷᠬᠡ ᠴᠢᠯᠥᠭᠡ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
