ᠰᠣᠶᠣᠯᠲᠤ ᠪᠠᠭᠠᠷᠢᠨ ᠤ᠋ ᠮᠠᠭᠲᠠᠭᠠᠯ-ᠬᠣᠯᠪᠣᠭ᠎ᠠ-ᠮᠥᠩᠭᠥᠨᠴᠣᠭᠲᠤСоёлт бааарны магтаал-Холбоо-Мөнгөнцогт
ᠰᠣᠶᠣᠯᠲᠤ ᠪᠠᠭᠠᠷᠢᠨ ᠤ᠋ ᠮᠠᠭᠲᠠᠭᠠᠯ
ᠬᠣᠯᠪᠣᠭ᠎ᠠ
ᠵᠣᠬᠢᠶᠠᠭᠴᠢ᠄ ᠪᠤᠶᠠᠨᠳᠡᠯᠭᠡᠷ
ᠬᠤᠭᠤᠷᠴᠢ᠄ ᠮᠥᠩᠭᠥᠨᠴᠣᠭᠲᠤ
ᠵᠢᠷᠤᠭᠯᠠᠵᠤ ᠨᠠᠢᠷᠠᠭᠤᠯᠤᠭᠰᠠᠨ ᠨᠢ᠄ ᠮᠥᠷᠡᠨ
ᠠᠭᠠᠷ ᠲᠩᠷᠢ ᠶ᠋ᠢ ᠪᠠᠭᠠᠨᠠᠳᠠᠭᠰᠠᠨ ᠰᠠᠢᠬᠠᠨ ᠬᠠᠨ ᠲᠠᠢ ᠪᠠᠭᠠᠷᠢᠨ ᠠ᠋
ᠠᠲᠠᠷ ᠲᠠᠯ᠎ᠠ ᠪᠠᠨ ᠤᠮᠳᠠᠯᠠᠭᠰᠠᠨ ᠴᠠᠭᠠᠨᠮᠥ᠋ᠷᠡᠨ ᠲᠡᠢ ᠪᠠᠭᠠᠷᠢᠨ ᠠ᠋
ᠠᠷᠬᠠᠭ ᠡᠪᠡᠳᠴᠢᠨ ᠢ᠋ ᠵᠠᠰᠠᠳᠠᠭ ᠪᠢᠲᠡᠭᠦᠦ ᠶ᠋ᠢᠨ ᠷᠠᠰᠢᠶᠠᠨ ᠲᠠᠢ ᠪᠠᠭᠠᠷᠢᠨ ᠠ᠋
ᠠᠷᠢᠭᠤᠨ ᠳᠠᠷᠬᠠᠨ ᠰᠢᠲᠦᠯᠭᠡ ᠲᠡᠢ ᠭᠦᠩᠵᠦ ᠶ᠋ᠢᠨ ᠲᠠᠬᠢᠯᠭ᠎ᠠ ᠲᠠᠢ ᠪᠠᠭᠠᠷᠢᠨ ᠠ᠋ ᠬᠥ
ᠠᠮᠤᠭᠤᠯᠠᠩ ᠳᠦᠷᠢ ᠪᠡᠷ ᠰᠡᠬᠦᠢᠭᠰᠡᠨ ᠪᠠᠶᠠᠨ ᠬᠠᠨ ᠲᠠᠢ ᠪᠠᠭᠠᠷᠢᠨ
ᠠᠯᠲᠠᠨ ᠬᠢᠩᠭᠠᠨ ᠤ᠋ ᠰᠠᠯᠪᠤᠷᠢ ᠬᠠᠷᠠᠭᠠᠨᠠᠲᠠᠢ ᠬᠠᠨ ᠲᠠᠢ ᠪᠠᠭᠠᠷᠢᠨ ᠠ᠋
ᠠᠴᠢ ᠲᠤᠰᠠ ᠪᠠᠨ ᠦᠵᠡᠭᠦᠯᠦᠭᠰᠡᠨ ᠢᠳᠠᠭᠣᠳᠥ ᠬᠠᠨ ᠲᠠᠢ ᠪᠠᠭᠠᠷᠢᠨ ᠠ᠋
ᠠᠷᠢᠶᠠᠲᠠᠨ ᠵᠢᠭᠦᠷᠲᠡᠨ ᠣᠷᠣᠩᠨᠠᠭᠰᠠᠨ ᠠᠪᠳᠠᠷᠠᠨᠳᠠᠢ ᠬᠠᠨ ᠲᠠᠢ ᠪᠠᠭᠠᠷᠢᠨ ᠠ᠋
ᠠᠭᠤᠯᠠᠰ ᠤ᠋ᠨ ᠳᠤᠮᠳᠠ ᠪᠠᠨ ᠰᠦᠨᠳᠡᠷᠯᠡᠭᠰᠡᠨ ᠰᠠᠢᠨᠵᠠᠩᠳᠥ ᠲᠡᠢ ᠪᠠᠭᠠᠷᠢᠨ
ᠷᠠᠳᠢᠣ᠋ ᠳᠣᠯᠭᠢᠶᠠᠨ ᠢ᠋ᠶ᠋ᠠᠨ ᠳᠠᠮᠵᠢᠭᠤᠯᠤᠭᠰᠠᠨ ᠣᠩᠭᠣᠨ ᠠᠭᠤᠯᠠ ᠲᠠᠢ ᠪᠠᠭᠠᠷᠢᠨ ᠠ᠋
ᠠᠰᠬ᠎ᠠ ᠰᠦᠮᠪᠦᠷ ᠤᠷᠭᠤᠭᠰᠠᠨ ᠬᠠᠯᠵᠠᠨ ᠠᠭᠤᠯᠠ ᠲᠠᠢ ᠪᠠᠭᠠᠷᠢᠨ ᠠ᠋
ᠠᠭᠤᠰᠬᠢ ᠶ᠋ᠢᠨ ᠭᠤᠷᠪᠠᠨ ᠰᠤᠳᠠᠰᠤ ᠰᠢᠭ᠋ ᠲᠤᠯᠭ᠎ᠠ ᠶ᠋ᠢᠨ ᠠᠭᠤᠯᠠ ᠲᠠᠢ ᠪᠠᠭᠠᠷᠢᠨ ᠠ᠋ ᠬᠥ
ᠠᠷᠭᠠᠯ ᠤ᠋ᠨ ᠤᠲᠤᠭ᠎ᠠ ᠪᠤᠷᠭᠢᠯᠤᠭᠰᠠᠨ ᠣᠲᠣᠷ ᠨᠡᠭᠦᠳᠡᠯ ᠲᠡᠢ ᠪᠠᠭᠠᠷᠢᠨ
ᠠᠭᠲᠠᠨ ᠬᠦᠯᠦᠭ ᠳᠠᠪᠬᠢᠯᠳᠤᠭᠰᠠᠨ ᠲᠠᠮᠠᠭ᠎ᠠ ᠶ᠋ᠢᠨ ᠵᠣ᠌ ᠲᠠᠢ ᠪᠠᠭᠠᠷᠢᠨ ᠠ᠋
ᠠᠭᠤᠷᠬᠠᠢ ᠡᠷᠳᠡᠨᠢᠰ ᠦ᠋ᠨ ᠭᠠᠢᠬᠠᠮᠰᠢᠭ ᠲᠡᠨᠢᠭᠢᠷ ᠡᠷᠳᠡᠨᠢ ᠲᠡᠢ ᠪᠠᠭᠠᠷᠢᠨ ᠠ᠋
ᠠᠤᠭ᠎ᠠ ᠰᠦᠷᠯᠢᠭ ᠢ᠋ᠶ᠋ᠡᠨ ᠭᠠᠢᠬᠠᠭᠤᠯᠤᠭᠰᠠᠨ ᠠᠰᠬᠠᠨ ᠳᠠᠷᠬᠠᠨ ᠲᠠᠢ ᠪᠠᠭᠠᠷᠢᠨ ᠠ᠋ ᠬᠥ
ᠠᠷᠤ ᠭᠠᠵᠠᠷ ᠢ᠋ ᠳᠠᠢᠯᠠᠭᠰᠠᠨ ᠳᠠᠶᠠ ᠸᠠᠩ ᠲᠠᠢ ᠪᠠᠭᠠᠷᠢᠨ
ᠠᠷᠠᠳ ᠤ᠋ᠨ ᠳᠤᠮᠳᠠ ᠪᠠᠨ ᠶᠠᠷᠢᠭᠳᠠᠭᠰᠠᠨ ᠪᠠᠶᠠᠨ ᠴᠧᠩᠰᠢᠶᠠᠩ ᠲᠠᠢ ᠪᠠᠭᠠᠷᠢᠨ ᠠ᠋
ᠠᠮᠢᠳᠤ ᠲᠡᠦᠬᠡ ᠪᠡᠨ ᠪᠢᠴᠢᠭᠯᠡᠭᠰᠡᠨ ᠪᠣᠯᠣᠷ ᠡᠷᠢᠭᠡ ᠲᠡᠢ ᠪᠠᠭᠠᠷᠢᠨ ᠠ᠋
ᠠᠪᠤ ᠯᠠ ᠡᠵᠢ ᠡᠴᠡ ᠥᠪᠯᠡᠭᠰᠡᠨ ᠬᠡᠯᠡ ᠨᠢ ᠮᠣᠩᠭᠣᠯ ᠪᠠᠭᠠᠷᠢᠨ ᠠ᠋ ᠬᠥ
ᠠᠷᠳᠠᠭ ᠮᠠᠩᠭᠤᠰ ᠤ᠋ᠨ ᠳᠠᠷᠤᠯᠭ᠎ᠠ ᠪᠣᠯᠤᠭᠰᠠᠨ ᠭᠡᠰᠡᠷ ᠦ᠋ᠨ ᠳᠣᠮᠣᠭ ᠲᠠᠢ ᠪᠠᠭᠠᠷᠢᠨ
ᠠᠮᠠᠨ ᠢᠷᠠᠭᠤ ᠨᠠᠢᠷᠠᠭᠴᠢ ᠱᠠᠭᠳᠠᠷ ᠮᠠᠮᠠ ᠲᠠᠢ ᠪᠠᠭᠠᠷᠢᠨ ᠠ᠋
ᠠᠰᠢᠬᠠᠨ ᠨᠤᠲᠤᠭ ᠠ᠋ᠴᠠ ᠨᠡᠭᠦᠵᠦ ᠢᠷᠡᠭᠰᠡᠨ ᠥᠰᠭᠥᠪᠣᠶᠠᠨ ᠲᠠᠢ ᠪᠠᠭᠠᠷᠢᠨ ᠠ᠋
ᠠᠭᠤᠢ ᠶ᠋ᠢᠨ ᠰᠦᠮ᠎ᠡ ᠳ᠋ᠡᠭᠡᠨ ᠰᠦᠵᠢᠭᠯᠡᠭᠰᠡᠨ ᠳᠤᠮᠳᠠ ᠭᠡᠭᠡᠨ ᠲᠡᠢ ᠪᠠᠭᠠᠷᠢᠨ ᠠ᠋ ᠬᠥ
ᠠᠩᠬᠠᠨ ᠤ᠋ ᠮᠣᠩᠭᠣᠯ ᠷᠣᠮᠠᠨ ᠰᠢᠷ᠎ᠠ ᠮᠥᠷᠡᠨ ᠦ᠌ ᠳᠣᠯᠭᠢᠶᠠᠨ ᠲᠠᠢ
ᠠᠵᠠ ᠵᠢᠷᠭᠠᠯ ᠢ᠋ᠶ᠋ᠠᠨ ᠪᠡᠯᠭᠡᠳᠡᠭᠰᠡᠨ ᠠᠮᠢᠯᠠᠯ ᠪᠡᠯᠭᠡᠲᠦ ᠴᠡᠴᠡᠭ ᠲᠡᠢ
ᠠᠶᠠᠯᠭᠤ ᠬᠥᠭᠵᠢᠮ ᠨᠢ ᠵᠣᠬᠢᠴᠠᠭᠰᠠᠨ ᠬᠥᠬᠡ ᠮᠣᠩᠭᠣᠯ ᠤ᠋ᠨ ᠥᠨᠳᠥᠷᠯᠢᠭ ᠲᠡᠢ
ᠠᠭᠤᠳᠠᠮ ᠲᠠᠯ᠎ᠠ ᠳ᠋ᠠᠭᠠᠨ ᠢᠨᠴᠠᠭᠠᠭᠰᠠᠨ ᠪᠠᠭᠠᠷᠢᠨ ᠭᠡᠭᠦᠦ ᠶ᠋ᠢᠨ ᠤᠨᠠᠭ᠎ᠠ ᠲᠠᠢ ᠬᠥ
ᠠᠪᠢᠶᠠᠰ ᠪᠢᠯᠢᠭ ᠢ᠋ᠶ᠋ᠡᠷ ᠢ᠋ᠶ᠋ᠡᠨ ᠭᠠᠢᠬᠠᠭᠳᠠᠭᠰᠠᠨ ᠷᠠᠰᠢᠫᠣᠩᠰᠣᠭ ᠲᠠᠢ ᠪᠠᠭᠠᠷᠢᠨ
ᠠᠯᠳᠠᠷ ᠨᠡᠷ᠎ᠡ ᠪᠡᠨ ᠮᠠᠨᠳᠤᠭᠤᠯᠤᠭᠰᠠᠨ ᠨᠣᠯᠮᠠᠰᠡᠷᠡᠩ ᠲᠡᠢ ᠪᠠᠭᠠᠷᠢᠨ ᠠ᠋
ᠠᠭᠤᠤ ᠰᠣᠶᠣᠯ ᠢ᠋ᠶ᠋ᠠᠨ ᠳᠡᠭᠡᠵᠢᠯᠡᠭᠰᠡᠨ ᠠᠯᠣᠬᠠᠩᠭᠠ ᠮᠡᠢᠷᠡᠨ ᠲᠡᠢ ᠪᠠᠭᠠᠷᠢᠨ ᠠ᠋
ᠠᠳᠤᠭᠤᠨ ᠰᠦᠷᠦᠭ ᠢ᠋ᠶ᠋ᠡᠨ ᠬᠣᠲᠣᠭᠣᠷ ᠢ᠋ᠶ᠋ᠠᠷ ᠬᠡᠮᠵᠢᠭᠰᠡᠨ ᠮᠠᠢᠵᠢᠭ ᠪᠠᠶᠠᠨ ᠲᠠᠢ ᠪᠠᠭᠠᠷᠢᠨ ᠠ᠋ ᠬᠥ
ᠠᠲᠠᠭᠠᠲᠠᠨ ᠳᠠᠢᠰᠤᠨ ᠢ᠋ ᠰᠥᠨᠥᠭᠡᠭᠰᠡᠨ ᠲᠣᠭᠲᠠᠬᠤ ᠳᠣᠸᠠᠨᠵᠠᠩ ᠲᠠᠢ ᠪᠠᠭᠠᠷᠢᠨ
ᠠᠲ᠋ᠣᠮ ᠮᠣᠯᠧᠺᠦ᠋ᠯ ᠢ᠋ᠶ᠋ᠡᠨ ᠰᠤᠳᠤᠯᠤᠭᠰᠠᠨ ᠰᠡᠴᠡᠡᠳᠠᠯᠠᠢ ᠳ᠋ᠣᠺᠲ᠋ᠣᠷ ᠲᠠᠢ ᠪᠠᠭᠠᠷᠢᠨ ᠠ᠋
ᠠᠨᠠᠭᠠᠬᠤ ᠤᠬᠠᠭᠠᠨ ᠳ᠋ᠤ᠌ ᠮᠡᠷᠭᠡᠰᠢᠭᠰᠡᠨ ᠰᠢᠷᠠᠪᠠᠷᠰ ᠡᠮᠴᠢ ᠲᠡᠢ ᠪᠠᠭᠠᠷᠢᠨ ᠠ᠋
ᠠᠮᠵᠢᠯᠲᠠ ᠪᠦᠲᠦᠭᠡᠯ ᠢ᠋ᠶ᠋ᠡᠷ ᠢ᠋ᠶ᠋ᠡᠨ ᠴᠣᠯᠭᠣᠷᠠᠭᠰᠠᠨ ᠰᠣᠳᠨᠠᠮᠷᠠᠪᠳᠡᠨ ᠲᠡᠢ ᠪᠠᠭᠠᠷᠢᠨ ᠠ᠋ ᠬᠥ
ᠠᠯᠤᠰ ᠠ᠋ᠴᠠ ᠤᠨᠢᠶᠠᠷᠲᠤᠨ ᠬᠠᠷᠠᠭᠳᠠᠬᠤ ᠳᠠᠷᠠᠰᠤᠲᠤ ᠶ᠋ᠢᠨ ᠴᠥᠭᠥᠷᠥᠮ ᠲᠡᠢ ᠪᠠᠭᠠᠷᠢᠨ
ᠠᠯᠮᠠᠨ ᠰᠠᠷ᠎ᠠ ᠰᠢᠭ᠋ ᠭᠡᠷᠡᠯᠲᠦᠭᠰᠡᠨ ᠳᠠᠯᠠᠨᠲᠠᠢ ᠨᠠᠭᠤᠷ ᠲᠠᠢ ᠪᠠᠭᠠᠷᠢᠨ ᠠ᠋
ᠠᠮᠤ ᠶ᠋ᠢᠨ ᠳᠠᠯᠠᠢ ᠬᠠᠯᠢᠭᠤᠷᠠᠭᠰᠠᠨ ᠠᠮᠵᠢᠩ ᠤ᠋ᠨ ᠲᠠᠯ᠎ᠠ ᠲᠠᠢ ᠪᠠᠭᠠᠷᠢᠨ ᠠ᠋
ᠠᠰᠬᠠᠭᠰᠠᠨ ᠰᠤᠪᠤᠳ ᠰᠢᠭ᠋ ᠭᠢᠯᠠᠯᠵᠠᠭᠰᠠᠨ ᠵᠢᠨᠵᠢ ᠶ᠋ᠢᠨ ᠰᠤᠪᠤᠷᠭ᠎ᠠ ᠲᠠᠢ ᠪᠠᠭᠠᠷᠢᠨ ᠠ᠋ ᠬᠥ
ᠠᠷᠤᠭ ᠡᠭᠦᠷᠦᠭᠰᠡᠨ ᠪᠦᠰᠡᠭᠦᠢ ᠰᠢᠭ ᠭᠡᠷ ᠴᠢᠯᠠᠭᠤ ᠲᠠᠢ ᠪᠠᠭᠠᠷᠢᠨ
ᠠᠯᠢᠮᠠᠳᠥ ᠶ᠋ᠢᠨ ᠠᠭᠤᠯᠠᠨ ᠳ᠋ᠤ᠌ ᠬᠠᠳᠠᠭᠠᠯᠠᠭᠳᠠᠭᠰᠠᠨ ᠯᠢᠶᠣᠤ ᠶ᠋ᠢᠨ ᠪᠠᠭᠤᠷᠢ ᠲᠠᠢ ᠪᠠᠭᠠᠷᠢᠨ ᠠ᠋
ᠠᠯᠳᠠᠩᠬᠤᠡ ᠴᠡᠴᠡᠭ ᠮᠢᠷᠠᠯᠵᠠᠨ ᠳᠡᠯᠭᠡᠷᠡᠭᠰᠡᠨ ᠲᠩᠷᠢ ᠨᠠᠭᠤᠷ ᠲᠠᠢ ᠪᠠᠭᠠᠷᠢᠨ ᠠ᠋
ᠠᠵᠢᠨᠠᠢ ᠬᠦᠯᠦᠭ ᠦ᠋ᠨ ᠦᠯᠢᠭᠡᠷ ᠲᠡᠢ ᠠᠳᠤᠭᠤᠴᠢᠨ ᠬᠣᠶᠠᠷ ᠮᠣᠳᠣ ᠲᠠᠢ ᠪᠠᠭᠠᠷᠢᠨ ᠠ᠋ ᠬᠥ
ᠠᠭᠤᠯᠵᠠᠷ ᠴᠢᠳᠬᠤᠯᠠᠩ ᠢ᠋ᠶ᠋ᠠᠷ ᠢ᠋ᠶ᠋ᠠᠨ ᠠᠯᠳᠠᠷᠰᠢᠭᠰᠠᠨ ᠨᠣᠶᠠᠳ ᠤ᠋ᠨ ᠣᠪᠣᠭ᠎ᠠ ᠲᠠᠢ ᠪᠠᠭᠠᠷᠢᠨ
ᠠᠨᠠᠪᠠᠳ ᠳᠠᠯᠠᠢ ᠰᠢᠭ᠋ ᠦᠷᠭᠦᠯᠵᠢᠯᠡᠭᠰᠡᠨ ᠵᠠᠭᠠᠭ ᠤ᠋ᠨ ᠲᠠᠯ᠎ᠠ ᠲᠠᠢ ᠪᠠᠭᠠᠷᠢᠨ ᠠ᠋
ᠠᠲᠠᠨ ᠲᠡᠮᠡᠭᠡᠨ ᠦ᠌ ᠪᠦᠬᠦ ᠰᠢᠭ ᠬᠠᠢᠯᠠᠰᠤ ᠶ᠋ᠢᠨ ᠮᠠᠩᠬ᠎ᠠ ᠲᠠᠢ ᠪᠠᠭᠠᠷᠢᠨ ᠠ᠋
ᠠᠰᠲᠠᠭᠠᠨ ᠭᠠᠵᠠᠷ ᠪᠠᠢᠳᠠᠭ ᠦᠭᠡᠢ ᠡᠪᠦᠭᠡᠨ ᠴᠢᠯᠠᠭᠤ ᠲᠠᠢ ᠪᠠᠭᠠᠷᠢᠨ ᠠ᠋ ᠬᠥ
ᠠᠶᠤᠤᠯᠢᠬᠠᠢ ᠴᠡᠭᠡᠵᠢᠨ ᠬᠣᠨᠣᠭᠰᠢᠭᠰᠠᠨ ᠴᠡᠭᠡᠯ ᠦ᠋ᠨ ᠥᠨᠳᠥᠷ ᠲᠡᠢ ᠪᠠᠭᠠᠷᠢᠨ
ᠠᠪᠤᠷᠭᠤ ᠪᠥᠬᠡ ᠪᠡᠷ ᠢ᠋ᠶ᠋ᠡᠨ ᠲᠠᠨᠢᠭᠳᠠᠭᠰᠠᠨ ᠠᠯᠮᠠᠰ ᠤ᠋ᠨ ᠳᠠᠭᠤᠤ ᠲᠠᠢ ᠪᠠᠭᠠᠷᠢᠨ ᠠ᠋
ᠠ ᠦᠰᠦᠭ ᠢ᠋ᠶ᠋ᠡᠷ ᠬᠣᠯᠪᠣᠭᠰᠠᠨ ᠰᠣᠶᠣᠯᠲᠤ ᠪᠠᠭᠠᠷᠢᠨ ᠤ᠋ ᠮᠠᠭᠲᠠᠭᠠᠯ ᠴᠢᠨᠢ
ᠠᠶᠠᠯᠠᠭᠤᠯᠵᠤ ᠳᠠᠭᠤᠯᠠᠭᠠᠳ ᠪᠠᠷᠠᠰᠢ ᠦᠭᠡᠢ ᠤᠶᠠᠩᠭᠠᠯᠠᠵᠤ ᠮᠠᠭᠲᠠᠭᠠᠳ ᠳᠠᠭᠤᠰᠤᠰᠢ ᠦᠭᠡᠢ ᠬᠥ
ᠦᠰᠦᠭ ᠠᠮᠢᠯᠠᠭᠤᠯᠤᠭᠰᠠᠨ ᠨᠢ᠄ ᠰᠡᠴᠡᠡᠪᠠᠲᠦ᠂ ᠪᠦᠷᠢᠨᠴᠡᠴᠡᠭ
ᠦᠰᠦᠭ ᠬᠠᠲᠠᠭᠰᠠᠨ ᠨᠢ᠄ ᠰᠡᠴᠡᠡᠪᠠᠲᠦ
ᠬᠢᠨᠠᠭᠴᠢ᠄ ᠠᠶᠤᠰᠢ᠂ ᠤᠯᠠᠭᠠᠨ᠂ ᠵᠠᠷᠮᡂᠠ ᠥᠯᠵᠡᠢ᠂ ᠪᠢᠮᠪᠠ᠂ ᠪᠠᠲᠤ
