ᠮᠣᠩᠭᠣᠯ ᠦᠰᠦᠭ ᠮᠢᠨᠢ ᠰᠠᠢᠬᠠᠨ- ᠲ᠂ ᠳᠡᠯᠭᠡᠷᠰᠠᠩМонгол үсэг минь сайхан-Т᠂ Дэлгэрсан
ᠮᠣᠩᠭᠣᠯ ᠦᠰᠦᠭ ᠮᠢᠨᠢ ᠰᠠᠢᠬᠠᠨ
ᠲ᠂ᠳᠡᠯᠭᠡᠷᠰᠠᠩ
ᠠᠮᠲᠠᠷᠬᠠᠨ ᠰᠢᠮᠲᠡᠷᠬᠡᠨ ᠤᠩᠰᠢᠬᠤ ᠳ᠋ᠤ᠌
ᠠᠶᠠᠯᠭᠤ ᠳᠠᠭᠤᠨ ᠤ᠋ ᠬᠢᠨᠢ ᠢᠷᠠᠭᠤᠬᠠᠨ ᠭᠡᠵᠢ᠂
ᠠᠯᠭᠤᠷ ᠰᠠᠢᠬᠠᠨ ᠪᠢᠴᠢᠬᠦ ᠳ᠋ᠦ᠍
ᠠᠴᠤᠭ ᠰᠢᠯᠪᠢ ᠶ᠋ᠢᠨ ᠬᠢᠨᠢ ᠡᠪᠯᠢᠭᠬᠡᠨ ᠭᠡᠵᠢ᠃
ᠤᠷᠪᠠᠭᠤᠯᠤᠨ ᠡᠷᠭᠢᠭᠦᠯᠦᠨ ᠤᠩᠰᠢᠬᠤ ᠳ᠋ᠤ᠌
ᠤᠷᠤᠰᠤᠮ᠎ᠠ ᠲᠣᠳᠣᠬᠠᠨ ᠰᠣᠨᠣᠰᠳᠠᠬᠤ ᠭᠡᠵᠢ᠂
ᠤᠳᠬ᠎ᠠ ᠪᠠᠷ ᠨᠢ ᠪᠠᠭᠤᠯᠭᠠᠵᠤ ᠪᠢᠴᠢᠬᠦ ᠳ᠋ᠦ᠍
ᠤᠷᠠᠯᠢᠭ ᠭᠣᠶᠣᠬᠠᠨ ᠬᠠᠷᠠᠭᠳᠠᠬᠤ ᠭᠡᠵᠢ᠃
ᠶᠠᠩᠵᠤ ᠪᠦᠷᠢ ᠶ᠋ᠢᠨ ᠠᠶᠠᠯᠭᠤ ᠶ᠋ᠢ
ᠪᠦᠷᠢᠨ ᠲᠡᠮᠳᠡᠭᠯᠡᠳᠡᠭ ᠦᠰᠦᠭ ᠰᠢᠦ
ᠶᠠᠭᠠᠷᠠᠵᠤ ᠲᠡᠪᠡᠳᠡᠭᠰᠡᠨ ᠦᠶ᠎ᠡ ᠳ᠋ᠦ᠍
ᠲᠠᠲᠠᠯᠠᠵᠤ ᠪᠣᠯᠳᠠᠭ ᠴᠤ᠌ ᠦᠰᠦᠭ ᠰᠢᠦ᠃
ᠡᠬᠡᠰᠢᠭ ᠭᠡᠢᠭᠦᠯᠦᠭᠴᠢ ᠬᠠᠮᠵᠢᠮᠠᠨᠵᠢᠨ
ᠦᠶ᠎ᠡ ᠪᠦᠷᠢᠯᠳᠦᠨ ᠲᠣᠭᠲᠠᠳᠠᠭ ᠰᠢᠦ
ᠦᠶ᠎ᠡ ᠨᠢ ᠦᠶ᠎ᠡ ᠲᠡᠢ ᠪᠡᠨ ᠨᠡᠢᠯᠡᠮᠡᠨᠵᠢᠨ
ᠦᠭᠡ ᠦᠰᠦᠭ ᠪᠦᠲᠦᠳᠡᠭ ᠰᠢᠦ᠃
ᠴᠠᠭᠠᠨ ᠲᠣᠯᠣᠭᠠᠢ ᠶ᠋ᠢ ᠡᠵᠡᠮᠰᠢᠪᠡᠯ
ᠴᠠᠭᠠᠰᠢ ᠨᠢ ᠦᠰᠦᠭᠯᠡᠯ ᠳ᠋ᠦ᠍ ᠣᠷᠣᠳᠠᠭ ᠰᠢᠦ᠂
ᠦᠰᠦᠭᠯᠡᠯ ᠳ᠋ᠦ᠍ ᠣᠷᠣᠵᠤ ᠴᠠᠭᠠᠷᠠᠪᠠᠯ
ᠦᠯᠢᠭᠡᠷ ᠦ᠋ᠨ ᠨᠣᠮ ᠤᠩᠰᠢᠳᠠᠭ ᠰᠢᠦ᠃
ᠦᠭᠡ ᠪᠡᠨ ᠶᠠᠷᠢᠳᠠᠭ ᠬᠥᠮᠦᠨ
ᠦᠰᠦᠭ ᠢ᠋ ᠨᠢ ᠰᠤᠷᠠᠬᠤ ᠳ᠋ᠤ᠌ ᠳᠥᠭᠥᠮ ᠰᠢᠦ᠂
ᠦᠰᠦᠭ ᠢ᠋ ᠨᠢ ᠮᠡᠳᠡᠳᠡᠭ ᠬᠥᠮᠦᠨ
ᠪᠢᠴᠢᠭ ᠲᠡᠢ ᠪᠣᠯᠬᠤ ᠳ᠋ᠤ᠌ ᠬᠢᠯᠪᠠᠷ ᠰᠢᠦ᠃
ᠮᠠᠨ ᠤ᠋ ᠮᠣᠩᠭᠣᠯ ᠦᠰᠦᠭ ᠭᠡᠭᠴᠢ
ᠮᠠᠩᠯᠠᠢ ᠰᠠᠢᠬᠠᠨ ᠪᠠᠢᠳᠠᠭ ᠰᠢᠦ᠂
ᠮᠠᠰᠢ ᠡᠷᠲᠡ ᠵᠣᠬᠢᠶᠠᠭᠳᠠᠭᠠᠳ
ᠮᠠᠷᠲᠠᠭᠳᠠᠯ ᠦᠭᠡᠢ ᠬᠡᠷᠡᠭᠯᠡᠭᠳᠡᠭᠰᠡᠭᠡᠷ ᠰᠢᠦ᠃
《ᠮᠣᠷᠤᠩᠬᠠᠢ ᠮᠤᠰᠢᠭᠠᠢ ᠦᠰᠦᠭ》 ᠭᠡᠵᠦ
ᠮᠡᠳᠡᠯᠭᠡ ᠮᠡᠭᠦᠰᠴᠦᠳ ᠭᠦᠳᠬᠡᠪᠡᠴᠦ
ᠮᠣᠯᠣᠷ ᠡᠷᠳᠡᠨᠢ ᠶ᠋ᠢᠨ ᠦᠰᠦᠭ ᠢ᠋ᠶ᠋ᠡᠨ
ᠮᠣᠩᠭᠣᠯ ᠬᠦᠦ ᠪᠢ ᠰᠤᠷᠤᠨ᠎ᠠ᠃
《ᠠᠷᠢᠶᠠᠲᠠᠨ ᠰᠢᠪᠠᠭᠤᠨ ᠤ᠋ ᠬᠡᠯᠡ》 ᠭᠡᠵᠦ
ᠠᠳᠬᠠᠭ ᠰᠠᠨᠠᠭᠠᠲᠠᠨ ᠵᠠᠵᠢᠭᠤᠳᠠᠭᠤᠯᠪᠠᠴᠤ᠂
ᠠᠪᠤ ᠳᠡᠭᠡᠳᠦᠰ ᠦ᠋ᠨ ᠬᠡᠯᠡ ᠪᠡᠨ
ᠠᠯᠳᠠᠯ ᠦᠭᠡᠢ ᠪᠢ ᠡᠵᠡᠮᠰᠢᠨ᠎ᠡ!
ᠭᠠᠢᠬᠠᠮᠰᠢᠭᠲᠤ ᠰᠠᠢᠬᠠᠨ ᠬᠡᠯᠡ ᠪᠡᠨ
ᠭᠠᠩᠭᠠᠩ ᠰᠠᠢᠬᠠᠨ ᠦᠰᠦᠭ ᠢ᠋ᠶ᠋ᠡᠨ
ᠭᠠᠯᠪᠠ ᠶᠡᠭᠦᠷᠡᠲᠡᠯ᠎ᠡ ᠬᠡᠷᠡᠭᠯᠡᠭᠡᠳ
ᠭᠠᠯ ᠭᠣᠯᠣᠮᠲᠠ ᠪᠠᠨ ᠬᠥᠭᠵᠢᠭᠦᠯᠦᠨ᠎ᠡ᠃
