ᠬᠣᠷᠭᠣᠳᠠᠭ᠎ᠠ ᠰᠢᠯᠦᠭ - ᠪᠠᠪᠤᠤ ᠶ᠋ᠢᠨ ᡀᠬᠠᠪᠠᠰᠥ᠋ᠷᠦᠩ Хоргодоо шүлэг — Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠭᠣᠳᠠᠭ᠎ᠠ ᠰᠢᠯᠦᠭ - ᠪᠠᠪᠤᠤ ᠶ᠋ᠢᠨ ᡀᠬᠠᠪᠠᠰᠥ᠋ᠷᠦᠩ Хоргодоо шүлэг — Бавуугийн Лхагвасүрэн

ᠬᠣᠷᠭᠣᠳᠠᠭ᠎ᠠ ᠰᠢᠯᠦᠭ - ᠪᠠᠪᠤᠤ ᠶ᠋ᠢᠨ ᡀᠬᠠᠪᠠᠰᠥ᠋ᠷᠦᠩ Хоргодоо шүлэг — Бавуугийн Лхагвасүрэн

2024-12-21

685



 ᠁ ᠬᠣᠩᠬᠣᠷ ᠲᠤᠨᠢ ᠭᠡᠷ ᠢ᠋ᠶ᠋ᠡᠨ ᠪᠠᠷᠢᠵᠤ 
 ᠬᠣᠨᠳᠣᠨ ᠳ᠋ᠤᠨᠢ ᠶᠠᠰᠤ ᠪᠠᠨ ᠲᠠᠯᠪᠢᠨ᠎ᠠ᠁ ᠭᠡᠵᠦ ᠪᠣᠳᠣᠳᠠᠭ 
 ᠬᠣᠢᠲᠤ ᠤᠷᠲᠤ《ᠥᠨᠵᠢᠭᠦᠯ ᠦ᠋ᠨ ᠪᠣᠭᠳᠠ》 ᠠᠭᠤᠯᠠᠨ ᠳ᠋ᠠᠭᠠᠨ 
 ᠬᠣᠶᠠᠷ ᠭᠤᠷᠪᠠᠬᠠᠨ ᠬᠣᠨᠣᠭ ᠠᠰᠢᠯᠠᠵᠤ ᠵᠢᠷᠭᠠᠭᠠᠳ 
 ᠬᠣᠲᠠ ᠤᠷᠤᠭᠤ ᠪᠤᠴᠠᠨ᠎ᠠ᠁ ᠭᠡᠬᠦ ᠡᠴᠡ᠁ 
 ᠬᠣᠢᠰᠢ ᠪᠠᠨ ᠤᠬᠤᠷᠢᠭᠠᠳ ᠬᠥᠯ ᠳᠤᠷ᠎ᠠ ᠦᠭᠡᠢ 
 ᠬᠣᠷᠮᠣᠢ ᠴᠢᠩᠭᠠᠭᠠᠳ ᠰᠠᠯᠬᠢ ᠳᠤᠷ᠎ᠠ ᠦᠭᠡᠢ 
 ᠠᠷᠤ ᠳ᠋ᠤ᠌ ᠭᠡᠳᠡᠯᠵᠡᠭᠡᠳ ᠳᠠᠷᠠᠰᠤ ᠳᠤᠷ᠎ᠠ ᠦᠭᠡᠢ 
 ᠤᠷᠲᠤ ᠪᠥᠷᠲᠥᠯᠵᠡᠭᠡᠳ ᠬᠠᠷᠢᠶᠠᠴᠠᠢ ᠳᠤᠷ᠎ᠠ ᠦᠭᠡᠢ 
 ᠰᠠᠨᠠᠭ᠎ᠠ ᠳᠠᠭᠠᠭᠠᠳ 
 ᠶᠠᠭᠤᠮ᠎ᠠ ᠪᠦᠬᠦᠨ ᠳᠤᠷ᠎ᠠ ᠦᠭᠡᠢ᠃ 
 ᠰᠡᠳᠬᠢᠯ ᠳ᠋ᠡᠭᠡᠨ᠂ ᠤᠷᠤᠭᠤ ᠲᠠᠲᠠᠭᠳᠠᠭᠠᠳ 
 ᠪᠢ ᠪᠠᠰᠠ ᠳᠤᠷ᠎ᠠ ᠦᠭᠡᠢ᠃ 
 ᠭᠢᠰᠬᠢᠵᠦ ᠭᠢᠯᠵᠢᠢᠯᠭᠡᠭᠰᠡᠨ ᠴᠡᠴᠡᠭᠡᠰ ᠢ᠋ 
 ᠡᠷᠭᠢᠭᠡᠳ ᠥᠨᠳᠡᠢᠲᠡᠯ᠎ᠡ ᠬᠣᠷᠭᠣᠳᠠᠨ᠎ᠠ᠃ 
 ᠭᠡᠷ ᠦ᠋ᠨ ᠬᠣᠢᠭᠤᠷ ᠳᠠᠭᠤᠯᠠᠭᠠᠳ ᠥᠩᠭᠡᠷᠡᠬᠦ ᠮᠣᠷᠢᠲᠠᠨ ᠢ᠋ 
 ᠪᠠᠷ᠎ᠠ ᠲᠠᠰᠤᠷᠠᠲᠠᠯ᠎ᠠ ᠬᠣᠷᠭᠣᠳᠠᠨ᠎ᠠ᠃ 
 ᠭᠡᠭᠦᠨ ᠵᠠᠯᠠᠨ ᠳᠡᠭᠡᠷ᠎ᠡ ᠪᠣᠷᠣᠭ᠎ᠠ ᠰᠢᠭ᠋ ᠰᠢᠪᠡᠷᠡᠬᠦ 
 《ᠰᠠᠭᠠᠮ᠎ᠠ ᠶ᠋ᠢᠨ ᠪᠠᠭ᠎ᠠ ᠦᠳᠡ》 ᠳᠠᠭᠤᠰᠲᠠᠯ᠎ᠠ ᠬᠣᠷᠭᠣᠳᠠᠨ᠎ᠠ᠃ 
 ᠭᠦᠶᠦᠵᠦ ᠢᠷᠡᠭᠰᠡᠨ ᠠᠳᠤᠭᠤ ᠳᠡᠷᠪᠡᠵᠦ ᠬᠥᠷᠪᠡᠭᠡᠵᠦ ᠬᠠᠨᠤᠭᠠᠳ 
 ᠰᠠᠨᠠᠭᠰᠠᠨ ᠤ᠋ ᠲᠣᠭᠣᠰᠣ ᠪᠠᠨ ᠰᠢᠯᠭᠡᠭᠡᠲᠡᠯ᠎ᠡ ᠬᠣᠷᠭᠣᠳᠠᠨ᠎ᠠ᠃ 
 ᠡᠪᠡᠰᠦᠨ ᠳ᠋ᠦ᠍ ᠪᠠᠭᠤᠭᠰᠠᠨ ᠥᠴᠥᠭᠡᠳᠦᠷ ᠦᠳᠡᠰᠢ ᠶ᠋ᠢᠨ ᠰᠢᠭᠦᠳᠡᠷᠢ ᠶ᠋ᠢ 
 ᠡᠭᠰᠢᠵᠦ ᠬᠠᠳᠠᠲᠠᠯ᠎ᠠ ᠬᠣᠷᠭᠣᠳᠠᠨ᠎ᠠ᠃  
 ᠥᠨᠳᠥᠷ ᠦ᠋ᠨ ᠡᠯᠢᠭᠡᠨ ᠦ᠌ ᠬᠡᠯᠡᠭᠡᠢ ᠴᠠᠭᠠᠨ ᠮᠠᠨᠠᠨ ᠢ᠋ 
 ᠲᠩᠷᠢ ᠳ᠋ᠦ᠍ ᠳᠡᠭᠳᠡᠲᠡᠯ᠎ᠡ ᠬᠣᠷᠭᠣᠳᠠᠨ᠎ᠠ᠃ 
 ᠠᠵᠢᠶ᠎ᠠ ᠶ᠋ᠢ ᠮᠢᠨᠢ ᠨᠤᠲᠤᠭᠯᠠᠭᠤᠯᠤᠭᠰᠠᠨ ᠡᠩᠭᠡᠷ ᠦ᠋ᠨ ᠪᠣᠷᠣ ᠰᠡᠭᠦᠳᠡᠷ 
 ᠨᠡᠭᠦᠭᠡᠳ ᠥᠩᠭᠡᠷᠡᠲᠡᠯ᠎ᠡ ᠬᠣᠷᠭᠣᠳᠠᠨ᠎ᠠ᠃ 
 ᠠᠶᠠᠨᠳᠠᠭᠠᠨ ᠠᠰᠬᠠᠷᠠᠬᠤ᠂ ᠴᠢᠮᠡᠭᠡ ᠦᠭᠡᠢ ᠪᠦᠯᠢᠶᠡᠬᠡᠨ ᠨᠢᠯᠪᠤᠰᠤ ᠪᠠᠨ 
 ᠪᠠᠷᠢᠵᠤ ᠴᠢᠳᠠᠬᠤ ᠦᠭᠡᠢ ᠬᠣᠷᠭᠣᠳᠠᠨ᠎ᠠ᠃   
             2010 ᠣᠨ  

     ᠦᠰᠦᠭ ᠠᠮᠢᠯᠠᠭᠤᠯᠤᠭᠴᠢ᠄ ᠡᠩᠬᠡᠪᠠᠲᠤ  
       ᠦᠰᠦᠭ ᠬᠢᠨᠠᠭᠴᠢ᠄ ᠪᠠᠶᠠᠷᠴᠡᠴᠡᠭ