ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 11 Нэгэн ном тавцан үн өдөр үн тэмдэглэлээс – 11 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 11 Нэгэн ном тавцан үн өдөр үн тэмдэглэлээс – 11

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 11 Нэгэн ном тавцан үн өдөр үн тэмдэглэлээс – 11

2024-12-20

486



       ᠨᠢᠭᠡ ᠠᠭᠤᠷᠲᠠᠢ ᠵᠢᠭᠠᠯ ᠬᠦᠦ ᠪᠠᠢᠭᠰᠠᠨ ᠭᠡᠨ᠎ᠡ᠃ ᠨᠢᠭᠡ ᠡᠳᠦᠷ ᠠᠪᠤ ᠨᠢ ᠬᠦᠦ ᠪᠡᠨ ᠳᠠᠭᠤᠳᠠᠵᠤ ᠨᠢᠭᠡ ᠤᠭᠤᠲᠠ ᠬᠠᠳᠠᠭᠠᠰᠤ ᠥᠭᠴᠡᠢ᠃ ᠢᠩᠭᠢᠭᠡᠳ ᠬᠦᠦ ᠳ᠋ᠦ᠍ ᠪᠡᠨ᠄《ᠮᠢᠨᠦ ᠬᠦᠦ ᠳᠠᠬᠢᠨ ᠨᠢᠭᠡ ᠠᠭᠤᠷᠯᠠᠪᠠᠯ ᠬᠣᠢᠲᠤ ᠬᠡᠷᠡᠮ ᠳᠡᠭᠡᠷ᠎ᠡ ᠨᠢᠭᠡ ᠬᠠᠳᠠᠭᠠᠰᠤ ᠬᠠᠳᠠ》 ᠭᠡᠵᠦ ᠬᠡᠯᠡᠭᠰᠡᠨ ᠶᠦᠮ ᠪᠠᠢᠨ᠎ᠠ᠃ ᠲᠡᠭᠡᠭᠡᠳ ᠡᠨᠡ ᠵᠢᠭᠠᠬᠠᠨ ᠬᠦᠦ ᠨᠢᠭᠡᠳᠦᠭᠡᠷ ᠡᠳᠦᠷ ᠲᠦ᠍ ᠳᠥᠴᠢᠨ ᠳᠣᠯᠣᠭᠠᠨ ᠬᠠᠳᠠᠭᠠᠰᠤ ᠬᠠᠲᠠᠭᠰᠠᠨ ᠶᠤᠮ ᠪᠠᠢᠨ᠎ᠠ᠃ ᠢᠩᠭᠢᠭᠡᠳ ᠡᠨᠡ ᠬᠦᠦ ᠬᠠᠳᠠᠭᠠᠰᠤ ᠬᠠᠲᠠᠬᠤ ᠨᠢ ᠶᠠᠪᠤᠬᠤ ᠲᠣᠰᠤᠮ ᠪᠠᠭᠠᠰᠴᠤ ᠰᠡᠭᠦᠯ ᠳ᠋ᠦ᠍ᠨᠢ ᠪᠦᠷ ᠬᠠᠲᠠᠬᠤ ᠪᠠᠨ ᠪᠠᠢᠭᠰᠠᠨ ᠶᠤᠮ ᠭᠡᠨ᠎ᠡ᠃ ᠡᠨᠡ ᠤᠴᠢᠷ ᠠ᠋ᠴᠠ ᠪᠢᠴᠢᠬᠠᠨ ᠬᠦᠦ ᠬᠠᠳᠠᠭᠠᠰᠤ ᠬᠠᠲᠠᠬᠤ ᠠ᠋ᠴᠠ ᠥᠪᠡᠷ ᠦ᠋ᠨ ᠠᠭᠤᠷ ᠢ᠋ᠶ᠋ᠠᠨ ᠳᠠᠷᠤᠬᠤ ᠨᠢ ᠢᠯᠡᠭᠦᠦ ᠠᠮᠠᠷᠬᠠᠨ ᠭᠡᠰᠡᠨ ᠢ᠋ ᠤᠬᠠᠭᠠᠷᠠᠭᠰᠠᠨ ᠶᠤᠮ ᠪᠠᠢᠨ᠎ᠠ᠃ ᠢᠩᠭᠢᠭᠡᠳ ᠠᠪᠤ ᠳ᠋ᠤ᠌ ᠪᠠᠨ ᠣᠴᠢᠵᠤ᠄《ᠠᠪᠤ᠂ ᠪᠢ ᠠᠭᠤᠷ ᠢ᠋ᠶ᠋ᠠᠨ ᠳᠠᠷᠤᠵᠤ ᠬᠠᠳᠠᠭᠠᠰᠤ ᠬᠠᠲᠠᠬᠤ ᠪᠠᠨ ᠪᠣᠯᠢᠵᠠᠢ》 ᠭᠡᠰᠡᠨ ᠳ᠋ᠦ᠍ ᠠᠪᠤ ᠨᠢ᠄《ᠴᠢ ᠨᠢᠭᠡ ᠤᠳᠠᠭ᠎ᠠ ᠠᠭᠤᠷ ᠢ᠋ᠶ᠋ᠠᠨ ᠳᠠᠷᠤᠵᠤ ᠴᠢᠳᠠᠪᠠᠯ ᠬᠡᠷᠡᠮ ᠳᠡᠭᠡᠷᠡᠬᠢ ᠬᠠᠳᠠᠭᠠᠰᠤ ᠠ᠋ᠴᠠ ᠨᠢᠭᠡ ᠰᠤᠭᠤᠯ》 ᠭᠡᠰᠡᠨ ᠭᠡᠨ᠎ᠡ᠃ ᠮᠠᠰᠢ ᠣᠯᠠᠨ ᠡᠳᠦᠷ ᠥᠩᠭᠡᠷᠡᠭᠰᠡᠨ ᠦ᠌ ᠰᠡᠭᠦᠯᠡᠷ ᠡᠨᠡ ᠬᠦᠦ ᠬᠠᠶᠠᠭᠠᠨ ᠳᠡᠭᠡᠷᠡᠬᠢ ᠬᠠᠳᠠᠭᠠᠰᠤ ᠪᠠᠨ ᠮᠤᠯᠲᠤᠯᠵᠤ ᠪᠠᠷᠠᠭᠠᠳ ᠠᠪᠤ ᠳ᠋ᠤ᠌ ᠪᠠᠨ ᠣᠴᠢᠵᠤ ᠬᠡᠯᠡᠭᠰᠡᠨ ᠶᠦᠮ ᠪᠠᠢᠨ᠎ᠠ᠃  ᠢᠩᠭᠢᠬᠦ ᠳ᠋ᠦ᠍ ᠠᠪᠤ ᠨᠢ ᠬᠦᠦ ᠪᠡᠨ ᠲᠡᠷᠡᠬᠦ ᠣᠩᠭᠣᠷᠬᠠᠢ ᠨᠦᠬᠡ ᠲᠡᠢ ᠬᠡᠷᠡᠮ ᠦ᠋ᠨ ᠬᠠᠵᠠᠭᠤ ᠳ᠋ᠤ᠌ ᠬᠦᠦ ᠪᠡᠨ ᠳᠠᠭᠠᠭᠤᠯᠤᠨ ᠢᠷᠡᠵᠦ᠄《ᠮᠢᠨᠦ ᠬᠦᠦ! ᠴᠢ ᠬᠠᠳᠠᠭᠠᠰᠤ ᠪᠠᠨ ᠪᠦᠬᠦᠨ ᠢ᠋ ᠠᠪᠤᠭᠠᠳ ᠶᠠᠪᠤᠴᠢᠬᠠᠵᠠᠢ᠃ ᠭᠡᠲᠡᠯ᠎ᠡ ᠡᠨᠡ ᠬᠡᠷᠡᠮ ᠳᠡᠭᠡᠷᠡᠬᠢ ᠨᠦᠬᠡ ᠶ᠋ᠢ ᠪᠥᠭᠯᠡᠵᠦ ᠳᠡᠢᠯᠬᠦ ᠡᠴᠡ ᠨᠢᠭᠡᠨᠲᠡ ᠥᠩᠭᠡᠷᠡᠭᠰᠡᠨ᠂ ᠠᠮᠢᠳᠤᠷᠠᠯ ᠭᠡᠳᠡᠭ ᠡᠢᠮᠦ᠂ ᠴᠢᠨᠦ ᠠᠭᠤᠷ ᠲᠠᠢ ᠪᠠᠢᠬᠤ ᠳ᠋ᠤ᠌ ᠪᠠᠨ ᠬᠡᠯᠡᠭᠰᠡᠨ ᠦᠭᠡ ᠪᠦᠬᠦᠨ ᠴᠢᠨᠢ ᠬᠥᠮᠦᠨ ᠦ᠌ ᠵᠢᠷᠦᠬᠡᠨ ᠳ᠋ᠦ᠍ ᠶᠠᠭ ᠡᠨᠡ ᠬᠠᠳᠠᠭᠠᠰᠤᠨ ᠤ᠋ ᠨᠦᠬᠡ ᠰᠢᠭ ᠲᠣᠰᠳᠠᠭ ᠶᠤᠮ᠃ ᠴᠢ ᠰᠡᠭᠦᠯ ᠳ᠋ᠦ᠍ᠨᠢ ᠬᠡᠳᠦᠢ ᠣᠰᠣᠯ ᠬᠦᠯᠢᠶᠡᠵᠦ ᠠᠭᠤᠴᠢᠯᠠᠯ ᠭᠤᠶᠤᠭᠰᠠᠨ 
ᠴᠤ᠌ ᠡᠨᠡ ᠨᠦᠬᠡ ᠶ᠋ᠢ ᠪᠥᠭᠯᠡᠵᠦ ᠴᠢᠳᠠᠬᠤ ᠦᠭᠡᠢ ᠶᠦᠮ᠃ ᠡᠢᠮᠦ ᠡᠴᠡ ᠬᠥᠮᠦᠨ ᠬᠥᠮᠦᠨ ᠦ᠌ ᠬᠣᠭᠣᠷᠣᠨᠳᠣᠬᠢ ᠬᠠᠷᠢᠴᠠᠭᠠᠨ ᠳᠤᠮᠳᠠ ᠪᠡᠶ᠎ᠡ ᠪᠡᠶ᠎ᠡ ᠪᠡᠨ ᠠᠭᠤᠴᠢᠯᠠᠵᠤ ᠭᠣᠮᠣᠳᠠᠭᠠᠬᠤ ᠦᠭᠡᠢ ᠪᠠᠢᠬᠤ ᠶ᠋ᠢ ᠬᠢᠴᠢᠶᠡᠬᠦ ᠬᠡᠷᠡᠭᠲᠡᠢ》 ᠭᠡᠵᠦ ᠬᠦᠦ ᠪᠡᠨ ᠰᠤᠷᠭᠠᠭᠰᠠᠨ ᠶᠤᠮ ᠪᠠᠢᠨ᠎ᠠ᠃  

       ᠦᠰᠦᠭ ᠠᠮᠢᠯᠠᠭᠤᠯᠤᠭᠴᠢ᠄ ᠡᠩᠬᠡᠪᠠᠲᠤ 
          ᠦᠰᠦᠭ ᠬᠢᠨᠠᠭᠴᠢ᠄ ᠪᠠᠶᠠᠷᠴᠡᠴᠡᠭ