ᠬᠥᠯᠥᠷᠡᠭᠰᠡᠨ ᠴᠢᠯᠠᠭᠤ - ᠱ ᠂ ᠭᠦᠷᠦᠪᠠᠽᠠᠷ Хөлөрсөн чулуу – Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠷᠡᠭᠰᠡᠨ ᠴᠢᠯᠠᠭᠤ - ᠱ ᠂ ᠭᠦᠷᠦᠪᠠᠽᠠᠷ Хөлөрсөн чулуу – Ш᠂ Гүрбазар

ᠬᠥᠯᠥᠷᠡᠭᠰᠡᠨ ᠴᠢᠯᠠᠭᠤ - ᠱ ᠂ ᠭᠦᠷᠦᠪᠠᠽᠠᠷ Хөлөрсөн чулуу – Ш᠂ Гүрбазар

2024-12-20

864

ᠬᠥᠯᠥᠷᠡᠭᠰᠡᠨ ᠴᠢᠯᠠᠭᠤ


           ᠱ᠂ ᠭᠦᠷᠦᠪᠠᠽᠠᠷ  

 ᠦᠯᠢᠶᠡᠭᠡᠳ ᠪᠠᠢᠭ᠎ᠠ ᠴᠣᠬᠣᠷ ᠰᠠᠯᠬᠢᠨ ᠠ᠋ᠴᠠ ᠨᠢ 
 ᠦᠨᠳᠦᠰᠦ ᠪᠡᠨ ᠬᠠᠷᠠᠮᠨᠠᠳᠠᠭ ᠨᠠᠮᠤᠷ ᠢ᠋ ᠶᠠᠭᠠᠬᠢᠬᠤ ᠶᠤᠮ ᠪᠣᠢ 
 ᠦᠳᠡᠭᠡᠳ ᠬᠣᠴᠣᠷᠳᠠᠭ ᠬᠠᠲᠠᠭᠤ ᠦᠨᠡᠨ ᠳᠤᠮᠳᠠ ᠠ᠋ᠴᠠ 
 ᠦᠭᠡᠢᠯᠡᠭᠡᠳ ᠪᠠᠢᠭ᠎ᠠ ᠠᠪᠤ ᠪᠠᠨ ᠶᠠᠭᠠᠬᠢᠬᠤ ᠶᠤᠮ ᠪᠣᠢ 

 ᠪᠥᠮᠪᠥᠷᠢᠵᠦ ᠢᠷᠡᠭᠡᠳ ᠮᠢᠨᠦ ᠨᠢᠯᠪᠤᠰᠤ  
 ᠪᠣᠳᠣᠬᠤ ᠶ᠋ᠢᠨ ᠵᠠᠭᠤᠷᠠᠬᠠᠨ ᠳ᠋ᠤ᠌ ᠵᠢᠭᠠᠬᠠᠨ ᠡᠭᠰᠢᠯ᠎ᠡ ᠳᠡ  
 ᠠᠯᠳᠠᠭᠤᠷᠠᠭᠰᠠᠨ ᠨᠠᠪᠴᠢ ᠰᠢᠭ ᠪᠣᠷᠣᠬᠠᠨ ᠰᠢᠪᠠᠭᠤᠬᠠᠢ ᠶ᠋ᠢ 
 ᠦᠷᠭᠦᠭᠡᠵᠦ ᠵᠦᠭ ᠦᠭᠡᠢᠳᠡᠭᠰᠡᠨ ᠨᠢᠭᠦᠯ ᠢ᠋ᠶ᠋ᠡᠨ ᠶᠠᠭᠠᠬᠢᠬᠤ ᠶᠤᠮ ᠪᠣᠢ 

 ᠨᠠᠮᠬᠠᠨ ᠨᠢᠷᠤᠭᠤᠨ ᠳᠡᠭᠡᠷ᠎ᠡ ᠨᠢ ᠡᠷᠬᠡᠯᠡᠵᠦ ᠡᠯᠳᠡᠪᠯᠡᠨ 
 ᠨᠠᠰᠤ ᠶ᠋ᠢ ᠨᠢ ᠪᠥᠬᠥᠢᠯᠭᠡᠭᠰᠡᠨ ᠠᠪᠤ ᠪᠠᠨ ᠶᠠᠭᠠᠬᠢᠬᠤ ᠶᠤᠮ ᠪᠣᠢ 
 ᠳᠡᠪᠡᠯ ᠦ᠋ᠨ ᠬᠢᠨᠢ ᠦᠨᠦᠷ ᠢ᠋ ᠦᠨᠦᠰᠴᠦ ᠬᠠᠳᠠᠭᠠᠯᠠᠯ᠎ᠠ 
 ᠳᠡᠯᠡᠬᠡᠢ ᠶ᠋ᠢᠨ ᠰᠠᠯᠬᠢ ᠦᠷᠭᠦᠭᠡᠭᠡᠳ ᠪᠠᠢᠨ᠎ᠠ  

 ᠤᠤᠭᠤᠭᠰᠠᠨ ᠠᠶᠠᠭ᠎ᠠ ᠶ᠋ᠢ ᠨᠢ ᠦᠨᠦᠰᠴᠦ ᠬᠠᠳᠠᠭᠠᠯᠠᠯ᠎ᠠ 
 ᠤᠷᠤᠭᠤᠯ ᠤ᠋ᠨ ᠴᠢᠭᠢᠭ ᠲᠦ᠍ ᠡᠮᠲᠡᠷᠡᠭᠡᠳ ᠪᠠᠢᠨ᠎ᠠ 
 ᠪᠤᠳᠠᠩ ᠲᠠᠢ ᠲᠩᠷᠢ ᠶ᠋ᠢᠨ ᠰᠠᠭᠠᠷᠠᠯ ᠬᠠᠶᠠᠭ᠎ᠠ ᠶ᠋ᠢ 
 ᠬᠥᠯᠥᠷᠡᠭᠰᠡᠨ ᠴᠢᠯᠠᠭᠤ ᠪᠠᠷ ᠨᠢ ᠠᠷᠭᠠᠳᠠᠭᠠᠳ ᠦᠯᠡᠲᠡᠯ᠎ᠡ ᠳᠡ 
 ᠪᠤᠴᠠᠭᠠᠳ ᠢᠷᠡᠬᠦ ᠦᠭᠡᠢ ᠪᠤᠶᠠᠨ ᠲᠠᠢ ᠲᠠᠨ ᠢ᠋ ᠪᠡᠨ 
 ᠬᠥᠬᠡᠷᠡᠭᠰᠡᠨ ᠲᠩᠷᠢ ᠪᠡᠷ ᠦᠨᠦᠰᠦᠭᠦᠯᠦᠭᠡᠳ ᠥᠲᠡᠯ᠎ᠡ ᠳᠡ᠃  

      ᠦᠰᠦᠭ ᠠᠮᠢᠯᠠᠭᠤᠯᠤᠭᠴᠢ᠄ ᠡᠩᠬᠡᠪᠠᠲᠤ  
        ᠦᠰᠦᠭ ᠬᠢᠨᠠᠭᠴᠢ᠄ ᠪᠠᠶᠠᠷᠴᠡᠴᠡᠭ