ᠲᠦᠨᠲᠡᠯᠡᠢ ᠬᠦᠦ - ᠮᠣᠩᠭᠣᠯ ᠠᠷᠠᠳ ᠤᠨ ᠦᠯᠢᠭᠡᠷТүнтээлэй хүү - Монгол ардын үлгэр Дэлхийн үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠦᠨᠲᠡᠯᠡᠢ ᠬᠦᠦ - ᠮᠣᠩᠭᠣᠯ ᠠᠷᠠᠳ ᠤᠨ ᠦᠯᠢᠭᠡᠷТүнтээлэй хүү - Монгол ардын үлгэр Дэлхийн үлгэр

ᠲᠦᠨᠲᠡᠯᠡᠢ ᠬᠦᠦ - ᠮᠣᠩᠭᠣᠯ ᠠᠷᠠᠳ ᠤᠨ ᠦᠯᠢᠭᠡᠷТүнтээлэй хүү - Монгол ардын үлгэр Дэлхийн үлгэр

ᠠᠩᠭᠢᠯᠠᠯ:ᠳᠣᠮᠣᠭ ᠦᠯᠢᠭᠡᠷ
2024-12-20

4728

ᠲᠦᠨᠲᠡᠯᠡᠢ ᠬᠦᠦ

            ᠮᠣᠩᠭᠣᠯ ᠠᠷᠠᠳ ᠤ᠋ᠨ ᠠᠮᠠᠨ ᠦᠯᠢᠭᠡᠷ    
     ᠡᠷᠲᠡ ᠤᠷᠢᠳᠤ ᠶ᠋ᠢᠨ ᠴᠠᠭ ᠲᠤ᠌ ᠶᠤᠮ ᠭᠡᠨ᠎ᠡ᠃ ᠨᠢᠭᠡ ᠡᠳᠦᠷ ᠲᠦᠨᠲᠡᠯᠡᠢ ᠬᠦᠦ ᠲᠦᠮᠡᠨ ᠪᠣᠷᠣ ᠬᠣᠨᠢ ᠪᠠᠨ ᠬᠠᠷᠢᠭᠤᠯᠤᠭᠠᠳ ᠲᠣᠢᠨ ᠭᠣᠣᠯ ᠤ᠋ᠨ ᠵᠠᠬ᠎ᠠ ᠪᠠᠷ ᠶᠠᠪᠤᠵᠤ ᠪᠠᠢᠵᠠᠢ ᠭᠡᠨ᠎ᠡ᠃
     ᠠᠰᠠᠷ ᠭᠡᠳᠡᠭ ᠨᠣᠬᠠᠢ ᠨᠢ ᠠᠷᠤ ᠲᠠᠯ᠎ᠠ ᠳ᠋ᠤ᠌ ᠨᠢ᠂ ᠪᠠᠰᠠᠷ ᠭᠡᠳᠡᠭ ᠨᠣᠬᠠᠢ ᠨᠢ ᠪᠠᠷᠠᠭᠤᠨ ᠲᠠᠯ᠎ᠠ ᠳ᠋ᠤ᠌ ᠨᠢ᠂ ᠲᠦᠨᠲᠡᠯᠡᠢ ᠬᠦᠦ ᠲᠦᠷᠦᠭᠦᠬᠡᠨ ᠳ᠋ᠦ᠍ ᠨᠢ ᠶᠠᠪᠤᠵᠤ ᠪᠠᠢᠵᠠᠢ ᠭᠡᠨ᠎ᠡ᠃ ᠲᠦᠮᠡᠨ ᠬᠣᠨᠢᠨ ᠤ᠋ ᠲᠦᠷᠦᠭᠦᠴᠢ ᠲᠣᠢᠨ ᠭᠣᠣᠯ ᠤ᠋ᠨ ᠵᠠᠬ᠎ᠠ ᠤᠷᠤᠭᠤ ᠡᠩᠨᠡᠨ ᠣᠷᠣᠵᠤ ᠲᠤᠩᠭᠠᠯᠠᠭ ᠤᠰᠤ ᠤᠤᠭᠤᠵᠤ ᠪᠠᠢᠲᠠᠯ᠎ᠠ ᠠᠰᠠᠷ ᠪᠠᠰᠠᠷ ᠬᠣᠶᠠᠷ ᠨᠣᠬᠠᠢ ᠨᠢ ᠬᠤᠴᠠᠵᠤ ᠠᠷᠤ ᠥᠪᠥᠷ ᠢ᠋ᠶ᠋ᠡᠷ ᠨᠢ ᠭᠦᠶᠦᠯᠳᠦᠵᠡᠢ ᠭᠡᠨ᠎ᠡ᠃ ᠲᠦᠲᠡᠯᠡᠢ ᠬᠦᠦ ᠲᠦᠷᠭᠡᠨ ᠰᠠᠮᠪᠠᠭ᠎ᠠ ᠲᠠᠢ ᠪᠣᠯᠬᠣᠷ ᠢ᠋ᠶ᠋ᠠᠨ ᠲᠦᠷᠭᠡᠨ ᠤᠷᠤᠰᠬᠠᠯᠲᠤ ᠭᠣᠣᠯ ᠤ᠋ᠨ ᠬᠥᠪᠡᠭᠡ ᠳᠠᠭᠠᠵᠤ ᠬᠠᠮᠢᠭ᠎ᠠ᠂ ᠶᠠᠭᠤ ᠪᠠᠢᠭ᠎ᠠ ᠶ᠋ᠢ ᠨᠢ ᠣᠯᠵᠤ ᠬᠠᠷᠠᠬᠤ ᠭᠡᠵᠦ ᠣᠯᠠᠨ ᠬᠣᠨᠢᠨ ᠤ᠋ ᠳᠤᠮᠳᠠᠭᠤᠷ ᠶᠠᠪᠤᠵᠤ ᠦᠵᠡᠭᠰᠡᠨ ᠴᠢᠨᠢ ᠦᠵᠡᠭᠳᠡᠬᠦ ᠬᠠᠷᠠᠭᠳᠠᠬᠤ ᠶᠠᠭᠤᠮ᠎ᠠ ᠪᠠᠢᠭᠰᠠᠨ ᠦᠭᠡᠢ᠃ ᠡᠨᠡ ᠶᠠᠭᠠᠬᠢᠭᠠᠳ ᠢᠩᠭᠢᠵᠦ ᠪᠠᠢᠭ᠎ᠠ ᠶᠤᠮ ᠪᠣᠯ ᠠ᠋! ᠭᠡᠵᠦ ᠲᠥᠨᠲᠡᠯᠡᠢ ᠬᠦᠦ ᠪᠣᠳᠣᠭᠠᠳ ᠲᠣᠢᠨ ᠭᠣᠣᠯ ᠤ᠋ᠨ ᠤᠷᠤᠰᠬᠠᠯ ᠰᠥᠷᠦᠨ ᠬᠠᠷᠠᠪᠠᠯ ᠳᠠᠪ᠁ ᠲᠡᠷᠲᠡᠭᠡ ᠤᠰᠤᠨ ᠤ᠋ ᠤᠷᠤᠰᠬᠠᠯ ᠢ᠋ᠶ᠋ᠠᠷ ᠨᠢᠭᠡᠨ ᠪᠥᠭᠡᠮ ᠶᠠᠭᠤᠮ᠎ᠠ ᠠᠢᠰᠤᠢ ᠶᠠᠪᠤᠨ᠎ᠠ ᠭᠡᠨ᠎ᠡ᠃ ᠲᠡᠭᠡᠵᠦ ᠪᠠᠢᠲᠠᠯ᠎ᠠ ᠲᠦᠮᠡᠨ ᠬᠣᠨᠢ ᠨᠢ ᠬᠣᠰᠢᠭᠤᠷᠠᠨ ᠭᠦᠶᠦᠬᠦ ᠳ᠋ᠦ᠍ ᠲᠡᠷᠡ ᠳᠤᠮᠳᠠ ᠨᠢ ᠭᠤᠷᠪᠠᠭᠤᠯᠠ ᠪᠠᠨ ᠣᠷᠣᠭᠠᠳ ᠯᠠ ᠢᠷᠡᠵᠦ ᠪᠠᠢᠭ᠎ᠠ ᠶᠠᠭᠤᠮᠠᠨ ᠤ᠋ ᠥᠭᠡᠳᠡ ᠡᠴᠡ ᠣᠴᠢᠲᠠᠯ᠎ᠠ ᠠᠯᠲᠠ ᠬᠦᠷᠬᠦ ᠦᠭᠡᠢ ᠪᠠᠨᠵᠠᠨ ᠳᠡᠭᠡᠷ᠎ᠡ ᠲᠣᠬᠣᠢ ᠶ᠋ᠢᠨ ᠴᠢᠨᠡᠭᠡ ᠬᠦᠦ ᠮᠠᠨᠴᠤᠢ ᠡᠴᠡ ᠪᠠᠨ ᠭᠠᠷ ᠢ᠋ᠶ᠋ᠠᠨ ᠭᠠᠷᠭᠠᠭᠠᠳ ᠯᠠ ᠳᠡᠷᠡᠰᠦᠨ ᠨᠤᠮᠤ ᠰᠤᠮᠤ ᠪᠠᠷ ᠨᠠᠭᠠᠳᠤᠨ ᠨᠠᠷᠠᠨ ᠳ᠋ᠤ᠌ ᠪᠡᠶᠡᠰᠦᠨ ᠤᠰᠤᠨ ᠳ᠋ᠤ᠌᠂ ᠲᠣᠯᠢᠳᠠᠨ ᠢᠷᠡᠵᠦ ᠶᠠᠪᠤᠵᠠᠢ᠃
     ᠬᠣᠨᠢ ᠬᠤᠷᠠᠭ᠎ᠠ ᠮᠠᠢᠯᠠᠯᠳᠤᠨ ᠱᠤᠤᠭᠢᠵᠤ ᠲᠣᠢᠨ ᠭᠣᠣᠯ ᠲᠡᠷᠡ ᠴᠢᠭ ᠢ᠋ᠶ᠋ᠡᠷ ᠢ᠋ᠶ᠋ᠡᠨ ᠪᠠᠶᠠᠷᠯᠠᠬᠤ ᠮᠡᠲᠦ ᠪᠣᠯᠵᠠᠢ ᠭᠡᠨ᠎ᠡ᠃ ᠲᠥᠨᠲᠡᠯᠡᠢ ᠬᠦᠦ ᠲᠣᠰᠣᠨ ᠣᠴᠢᠪᠠᠯ ᠬᠦᠦ ᠰᠠᠢᠬᠠᠨ ᠠᠯᠠᠭ ᠨᠢᠳᠦ ᠪᠡᠷ ᠢ᠋ᠶ᠋ᠡᠨ ᠣᠷᠴᠢᠨ ᠲᠣᠭᠣᠷᠢᠨ ᠢ᠋ ᠬᠠᠷᠠᠵᠤ᠄
— ᠡᠨᠡ ᠭᠣᠣᠯ ᠢ᠋ ᠶᠠᠮᠠᠷ ᠭᠣᠣᠯ ᠭᠡᠳᠡᠭ ᠶᠦ᠍ᠮ ᠪᠣᠢ? ᠭᠡᠬᠦ ᠳ᠋ᠦ᠍ ᠲᠥᠨᠲᠡᠯᠡᠢ ᠬᠦᠦ᠄
— ᠲᠣᠢᠨ ᠭᠣᠣᠯ ᠭᠡᠳᠡᠭ ᠶᠦ᠍ᠮ᠂ ᠭᠡᠵᠡᠢ᠃
ᠬᠦᠦ ᠲᠥᠨᠲᠡᠯᠡᠢ ᠶ᠋ᠢ ᠬᠠᠷᠠᠵᠤ ᠢᠨᠢᠶᠡᠭᠡᠳ᠄
— ᠡᠨᠡ ᠣᠯᠠᠨ ᠬᠣᠨᠢᠨ ᠰᠦᠷᠦᠭ ᠴᠢᠨᠢ ᠬᠡᠨ ᠦ᠌ ᠬᠣᠨᠢ ᠪᠣᠢ?
— ᠮᠢᠨᠦ ᠬᠣᠨᠢ᠂ ᠭᠡᠵᠦ ᠲᠥᠨᠲᠡᠯᠡᠢ ᠬᠦᠦ ᠬᠠᠷᠢᠭᠤᠯᠤᠯ᠎ᠠ᠃
— ᠠᠢ ᠬᠥᠭᠡᠷᠦᠬᠦᠢ! ᠶᠠᠭᠠᠬᠢᠭᠰᠠᠨ ᠪᠠᠶᠠᠨ ᠲᠠᠩᠰᠤᠭ ᠠᠢᠯ ᠪᠣᠢ? ᠡᠵᠡᠨ ᠨᠢ ᠬᠡᠨ ᠭᠡᠳᠡᠭ ᠬᠥᠮᠦᠨ ᠪᠣᠢ? ᠡᠵᠡᠨ ᠨᠢ ᠡᠢᠮᠦ ᠵᠢᠭᠠᠬᠠᠨ ᠬᠣᠨᠢ ᠨᠢ ᠡᠢᠮᠦ ᠣᠯᠠᠨ ᠪᠠᠢᠬᠤ ᠦᠭᠡᠢ ᠪᠠᠢᠯᠭᠦᠢ ᠡᠰᠡᠬᠦᠯ᠎ᠡ ᠲᠠ ᠶᠠᠮᠠᠷ ᠨᠢᠭᠡ ᠨᠣᠶᠠᠨ ᠪᠠᠶᠠᠨ ᠤ᠋ ᠬᠡᠦᠬᠡᠳ ᠤᠤ? ᠭᠡᠯ᠎ᠡ᠃
— ᠨᠣᠶᠠᠨ ᠪᠠᠶᠠᠨ ᠤ᠋ ᠬᠡᠦᠬᠡᠳ ᠪᠢᠰᠢ ᠠ᠋! ᠤᠭ ᠤ᠋ᠨ ᠶᠠᠳᠠᠭᠤ ᠤᠤᠯ ᠤ᠋ᠨ ᠬᠠᠷᠠᠴᠤ ᠠᠷᠠᠳ ᠤ᠋ᠨ ᠬᠡᠦᠬᠡᠳ ᠭᠡᠬᠦ ᠳ᠋ᠦ᠍ ᠨᠢ᠄
— ᠠᠢ ᠬᠥᠭᠡᠷᠦᠬᠦᠢ! ᠶᠡᠬᠡ ᠪᠤᠶᠠᠨ ᠲᠠᠢ ᠬᠡᠦᠬᠡᠳ ᠶᠦ᠍ᠮ ᠳᠡ! ᠭᠡᠯ᠎ᠡ᠃
— ᠪᠤᠶᠠᠨ ᠪᠤᠶᠠᠨ ᠯᠠ ᠭᠡᠨ᠎ᠡ᠂ ᠪᠢ ᠪᠤᠶᠠᠨ ᠢ᠋ ᠴᠢᠨᠢ ᠦᠵᠡᠭᠡ ᠦᠭᠡᠢ᠂ ᠬᠠᠷᠢᠨ ᠠᠯᠲᠠ ᠪᠡᠶ᠎ᠡ ᠶ᠋ᠢᠨ ᠠᠯᠵᠢᠶᠠᠬᠤ ᠶ᠋ᠢ ᠮᠡᠳᠡᠬᠦ ᠦᠭᠡᠢ ᠠᠷᠪᠠ ᠲᠠᠪᠤᠨ ᠮᠠᠯ ᠢ᠋ᠶ᠋ᠠᠨ ᠮᠠᠯᠯᠠᠭᠠᠳ ᠪᠠᠢᠪᠠᠯ ᠪᠤᠶᠠᠨ ᠭᠡᠳᠡᠭ ᠥᠪᠡᠷ ᠢ᠋ᠶ᠋ᠡᠨ ᠢᠷᠡᠵᠦ ᠪᠠᠢᠳᠠᠭ ᠶᠤᠮ ᠪᠢᠰᠢᠦ? ᠭᠡᠪᠡ᠃
— ᠲᠠ ᠲᠡᠭᠡᠪᠡᠯ ᠪᠤᠶᠠᠨ ᠭᠡᠳᠡᠭ ᠢ᠋ ᠶᠠᠭᠤ ᠭᠡᠵᠦ ᠪᠣᠳᠣᠵᠤ ᠪᠠᠢᠨ᠎ᠠ? ᠭᠡᠬᠦ ᠳ᠋ᠦ᠍ ᠨᠢ ᠲᠥᠨᠲᠡᠯᠡᠢ᠄
— ᠰᠡᠳᠬᠢᠯ ᠦ᠋ᠨ ᠠᠷᠢᠭᠤᠨ᠂ ᠰᠠᠨᠠᠭᠠᠨ ᠤ᠋ ᠰᠢᠯᠤᠭᠤᠨ᠂ ᠬᠥᠳᠡᠯᠮᠦᠷᠢ ᠶ᠋ᠢᠨ ᠦᠷ᠎ᠡ᠂ ᠭᠠᠵᠠᠷ ᠤ᠋ᠨ ᠰᠢᠮ᠎ᠡ᠂ ᠮᠠᠯ ᠤ᠋ᠨ ᠠᠰᠢᠭ ᠭᠡᠵᠦ ᠪᠣᠳᠣᠵᠤ ᠶᠠᠪᠤᠳᠠᠭ ᠳᠠ᠂ ᠵᠠ ᠡᠷᠬᠢᠮ ᠳᠡᠭᠦᠦ ᠬᠠᠮᠢᠭ᠎ᠠ ᠭᠠᠵᠠᠷ ᠡᠴᠡ ᠶᠠᠪᠤᠭ᠎ᠠ ᠬᠡᠨ ᠦ᠌ ᠬᠡᠨ ᠭᠡᠳᠡᠭ ᠶᠠᠮᠠᠷ ᠤᠴᠢᠷ ᠡᠴᠡ ᠠᠯᠲᠠ ᠮᠣᠳᠣᠨ ᠳᠡᠭᠡᠷ᠎ᠡ ᠰᠠᠭᠤᠭᠠᠳ ᠬᠥᠬᠡ ᠤᠰᠤᠨ ᠳᠡᠭᠡᠭᠦᠷ ᠬᠥᠪᠴᠦ ᠶᠠᠪᠤᠳᠠᠭ ᠰᠠᠨ ᠪᠢᠯᠡ? ᠭᠡᠬᠦ ᠳ᠋ᠦ᠍ ᠨᠢ
— ᠪᠢ ᠢᠩᠭᠢᠵᠦ ᠶᠠᠪᠤᠬᠤ ᠬᠤᠪᠢ ᠵᠠᠶᠠᠭ᠎ᠠ ᠲᠠᠢ ᠶᠤᠮ ᠭᠡᠨ᠎ᠡ᠂ ᠲᠣᠢᠨ ᠭᠣᠣᠯ ᠤ᠋ᠨ ᠡᠬᠢᠨ ᠳ᠋ᠦ᠍ ᠪᠠᠢᠳᠠᠭ ᠲᠠᠪᠤᠨ ᠬᠠᠷ᠎ᠠ ᠢᠮᠠᠭᠠᠲᠤ᠂ ᠪᠤᠶᠠᠨ ᠡᠪᠦᠭᠡᠨ ᠦ᠌ ᠬᠦᠦ ᠪᠠᠽᠠᠷ ᠭᠡᠳᠡᠭ ᠶᠦ᠍ᠮ᠃ ᠲᠡᠭᠡᠭᠡᠳ ᠨᠢᠭᠡ ᠰᠢᠨᠵᠢᠭᠡᠴᠢ ᠬᠥᠮᠦᠨ ᠢ᠋ᠶ᠋ᠡᠷ ᠮᠢᠨᠦ ᠬᠤᠪᠢ ᠵᠠᠶᠠᠭ᠎ᠠ ᠶ᠋ᠢ ᠰᠢᠨᠵᠢᠭᠦᠯᠦᠭᠰᠡᠨ ᠴᠢᠨᠢ ᠣᠳᠣᠬᠠᠨ ᠠᠯᠠᠭ᠎ᠠ ᠪᠣᠯᠭᠠᠬᠤ ᠦᠭᠡᠢ ᠪᠣᠯ ᠪᠣᠰᠤᠭ᠎ᠠ ᠣᠷᠣᠯᠠᠩ ᠪᠣᠯᠤᠨ᠎ᠠ᠂ ᠬᠣᠯᠠ ᠣᠢᠷ᠎ᠠ ᠶ᠋ᠢ ᠰᠦᠢᠳᠬᠡᠬᠦ ᠪᠤᠵᠠᠷ ᠮᠠᠭᠤᠬᠠᠢ ᠠᠮᠢᠲᠠᠨ ᠪᠣᠯᠬᠤ ᠶᠤᠮ ᠪᠠᠢᠨ᠎ᠠ ᠭᠡᠰᠡᠨ᠂ ᠲᠡᠭᠡᠭᠡᠳ ᠠᠪᠤ ᠮᠠᠨᠢ ᠠᠷᠭ᠎ᠠ ᠪᠠᠷᠠᠬᠤ ᠳ᠋ᠤ᠌ ᠪᠠᠨ ᠡᠵᠢ ᠳ᠋ᠦ᠍《ᠡᠨᠡ ᠬᠦᠦ ᠶ᠋ᠢ ᠣᠳᠣ ᠶᠠᠭᠠᠬᠢᠬᠤ ᠪᠣᠢ? ᠨᠢᠭᠡ ᠪᠣᠯ ᠪᠢᠳᠡ ᠬᠣᠶᠠᠷ ᠬᠦᠦ ᠪᠡᠨ ᠳᠠᠭᠠᠭᠠᠳ ᠶᠠᠪᠤᠶ᠎ᠠ᠂ ᠨᠢᠭᠡ ᠪᠣᠯ ᠡᠨᠡ ᠬᠦᠦ ᠶ᠋ᠢ ᠶᠠᠮᠠᠷ ᠨᠢᠭᠡᠨ ᠠᠷᠭ᠎ᠠ ᠪᠠᠷ ᠬᠣᠯᠠᠳᠠᠭᠤᠯᠬᠤ ᠬᠡᠷᠡᠭᠲᠡᠢ ᠪᠣᠯᠵᠤ ᠪᠠᠢᠨ᠎ᠠ ᠳᠠ!》 ᠭᠡᠬᠦ ᠳ᠋ᠦ᠍ ᠡᠵᠢ《ᠥᠷᠭᠡᠨ ᠠᠯᠠᠭ ᠳᠡᠯᠡᠬᠡᠢ ᠥᠨᠢᠷ ᠪᠠᠶᠠᠨ ᠪᠢᠯᠡ᠂ ᠶᠢᠷᠲᠢᠨᠴᠦ ᠳᠡᠭᠡᠷ᠎ᠡ ᠬᠠᠷ᠎ᠠ ᠮᠠᠭᠤ ᠰᠠᠨᠠᠭᠠᠲᠠᠨ ᠡᠴᠡ ᠰᠠᠢᠨ ᠰᠠᠨᠠᠭᠠᠲᠠᠨ ᠣᠯᠠᠨ ᠪᠢᠯᠡ᠃ ᠡᠢᠮᠦ ᠪᠣᠯᠬᠣᠷ ᠬᠦᠦ ᠪᠡᠨ ᠠᠯᠤᠰ ᠭᠠᠵᠠᠷ ᠶᠠᠮᠠᠷ ᠨᠢᠭᠡ ᠠᠷᠭ᠎ᠠ ᠪᠠᠷ ᠶᠠᠪᠤᠭᠤᠯᠵᠤ ᠴᠦᠯᠡᠶ᠎ᠡ ᠳᠡ!》 ᠭᠡᠬᠦ ᠪᠡᠷ ᠠᠪᠤ ᠵᠥᠪᠰᠢᠶᠡᠷᠡᠵᠦ ᠨᠠᠮ᠎ᠠ ᠶ᠋ᠢ ᠬᠥᠨᠳᠡᠯᠡᠨ ᠮᠣᠳᠣᠨ ᠠᠷᠤᠪᠴᠢᠨ ᠳᠡᠭᠡᠷ᠎ᠡ ᠰᠠᠭᠤᠯᠭᠠᠵᠤ ᠬᠥᠬᠡ ᠤᠰᠤᠨ ᠳᠡᠭᠡᠷ᠎ᠡ ᠲᠠᠯᠪᠢᠵᠤ ᠤᠷᠤᠰᠬᠠᠭᠰᠠᠨ ᠨᠢ ᠡᠨᠡ ᠳᠡ᠃
    ᠲᠥᠨᠲᠡᠯᠡᠢ ᠬᠦᠦ ᠪᠠᠽᠠᠷ ᠲᠤ᠌ ᠮᠣᠳᠣᠨ᠂ ᠴᠥᠭᠦᠴᠡᠨ ᠳ᠋ᠦ᠍ ᠴᠠᠢ ᠬᠢᠵᠦ᠂ ᠮᠥᠩᠭᠥᠨ ᠳᠠᠪᠠᠰᠢ ᠳ᠋ᠤ᠌ ᠠᠭᠠᠷᠤᠤᠯ ᠬᠢᠵᠦ᠂ ᠭᠠᠤᠯᠢᠨ ᠲᠠᠪᠠᠭ ᠲᠤ᠌ ᠥᠷᠥᠮ᠎ᠡ ᠬᠢᠵᠦ ᠡᠮᠦᠨ᠎ᠡ ᠨᠢ ᠲᠠᠯᠪᠢᠭᠠᠳ᠄
— ᠢᠳᠡᠵᠦ ᠤᠤᠭᠤ᠂ ᠰᠠᠭᠤᠵᠤ ᠠᠮᠠᠷᠠ᠂ ᠶᠠᠷᠢᠵᠤ ᠬᠥᠭᠡᠷ ᠭᠡᠬᠦ ᠳ᠋ᠦ᠍ ᠨᠢ ᠪᠠᠽᠠᠷ ᠬᠦᠦ᠄
— ᠡᠷᠬᠢᠮ ᠠᠬ᠎ᠠ ᠠ᠋! ᠲᠠ ᠭᠠᠭᠴᠠᠭᠠᠷ ᠢ᠋ᠶ᠋ᠠᠨ ᠪᠠᠢᠳᠠᠭ ᠤᠤ? ᠠᠴᠢᠲᠤ ᠠᠪᠤ ᠡᠨᠡᠷᠢᠯᠲᠦ ᠡᠵᠢ ᠴᠢᠨᠢ ᠪᠣᠢ ᠤᠤ? ᠭᠡᠯ᠎ᠡ᠃
— ᠠᠢ! ᠠᠯᠢ ᠠᠯᠢ ᠨᠢ ᠨᠠᠮ᠎ᠠ ᠶ᠋ᠢ ᠭᠤᠷᠪᠠᠨ ᠨᠠᠰᠤ ᠲᠠᠢ ᠪᠠᠢᠬᠤ ᠳ᠋ᠤ᠌ ᠨᠠᠰᠤ ᠡᠴᠦᠰᠯᠡᠭᠰᠡᠨ ᠲᠠ᠂ ᠲᠠᠪᠤᠨ ᠬᠣᠨᠢ ᠬᠣᠶᠠᠷ ᠨᠣᠬᠠᠢ ᠲᠠᠢ ᠬᠣᠴᠣᠷᠤᠭᠰᠠᠨ ᠶᠤᠮ᠂ ᠠᠷᠪᠠᠨ ᠲᠠᠪᠤᠨ ᠵᠢᠯ ᠪᠣᠯᠬᠤ ᠳ᠋ᠤ᠌ ᠬᠣᠨᠢ ᠮᠠᠨᠢ ᠮᠢᠩᠭ᠎ᠠ ᠬᠦᠷᠴᠦ ᠰᠠᠢᠨ ᠰᠠᠢᠬᠠᠨ ᠠᠵᠤ ᠲᠥᠷᠥᠵᠦ ᠠᠮᠢᠳᠤᠷᠠᠵᠤ ᠪᠠᠢᠨ᠎ᠠ᠃ ᠮᠢᠩᠭᠠᠨ ᠬᠣᠨᠢ ᠪᠠᠨ ᠲᠦᠮᠡ ᠬᠦᠷᠭᠡᠬᠦ ᠶ᠋ᠢ ᠪᠣᠳᠣᠳᠠᠭ ᠳᠠ᠃ ᠭᠡᠬᠦ ᠳ᠋ᠦ᠍ ᠪᠠᠽᠠᠷ ᠬᠦᠦ ᠪᠠᠬᠠᠨ ᠶᠠᠭᠤᠮ᠎ᠠ ᠪᠣᠳᠣᠵᠤ ᠪᠣᠳᠣᠵᠤ᠄
— ᠭᠠᠭᠴᠠ ᠪᠡᠶ᠎ᠡ ᠳ᠋ᠦ᠍ ᠡᠢᠮᠦ ᠣᠯᠠᠨ ᠬᠣᠨᠢ ᠪᠠᠷ ᠶᠠᠭᠠᠬᠢᠬᠤ ᠶᠤᠮ ᠪᠣᠢ? ᠠᠪᠤ ᠡᠵᠢ ᠴᠢᠨᠢ ᠠᠲᠠᠭᠠᠲᠤ ᠳᠠᠢᠰᠤᠨ ᠳ᠋ᠤ᠌ ᠠᠯᠠᠭᠳᠠᠭᠰᠠᠨ ᠤᠤ? ᠡᠮᠭᠡᠭ ᠬᠠᠭᠤᠴᠢ ᠪᠠᠷ ᠦᠬᠦᠭᠰᠡᠨ ᠶᠦ᠍ᠮ ᠤᠤ?
— ᠡᠮᠭᠡᠭ ᠬᠠᠭᠤᠴᠢ ᠪᠠᠷ ᠡᠯᠡᠭᠳᠡᠭᠰᠡᠨ ᠶᠦ᠍ᠮ ᠠ᠋᠂ ᠭᠠᠵᠠᠷ ᠳᠡᠯᠡᠬᠡᠢ ᠪᠠᠢᠭᠰᠠᠨ ᠴᠠᠭ ᠲᠤ᠌ ᠮᠠᠯ ᠰᠦᠷᠦᠭ ᠣᠯᠠᠨ ᠪᠠᠢᠬᠤ ᠤᠴᠢᠷᠲᠠᠢ ᠶᠤᠮ᠂ ᠬᠠᠪᠢ ᠣᠢᠷ᠎ᠠ ᠶ᠋ᠢᠨ ᠶᠠᠳᠠᠭᠤ ᠵᠦᠳᠡᠭᠦᠦ ᠬᠥᠮᠦᠰ ᠮᠠᠨ ᠤ᠋ ᠮᠠᠯ ᠤ᠋ᠨ ᠰᠢᠮ᠎ᠡ ᠶ᠋ᠢ ᠠᠪᠴᠤ ᠪᠠᠢᠳᠠᠭ ᠶᠤᠮ ᠰᠢᠦ ᠳᠡ᠂ ᠭᠡᠬᠦ ᠳ᠋ᠦ᠍ ᠪᠠᠽᠠᠷ ᠬᠦᠦ᠄
— ᠦ᠂ ᠲᠡᠭᠡᠪᠡᠯ ᠲᠠ ᠴᠢᠨᠢ ᠶᠣᠰᠣᠲᠠᠢ ᠨᠥᠭᠦᠭᠡ ᠪᠤᠶᠠᠨ ᠭᠡᠳᠡᠭ ᠴᠢᠨᠢ ᠪᠡᠶ᠎ᠡ ᠪᠡᠷ ᠢ᠋ᠶ᠋ᠡᠨ ᠪᠠᠢᠭ᠎ᠠ ᠶᠤᠮ ᠪᠠᠢᠨ᠎ᠠ ᠰᠢᠦ ᠳᠡ ᠭᠡᠯ᠎ᠡ᠃
—ᠲᠡᠢᠮᠦ ᠠ᠋! ᠶᠣᠰᠣᠲᠠᠢ ᠯᠠ ᠮᠠᠯ ᠤ᠋ᠨ ᠪᠤᠶᠠᠨ ᠭᠡᠵᠦ ᠪᠠᠢᠳᠠᠭ ᠪᠠᠢᠬ᠎ᠠ ᠳᠠ᠂ ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ ᠭᠡᠵᠦ ᠬᠣᠨᠢ ᠮᠠᠨᠢ ᠲᠦᠪᠡᠭ ᠦᠭᠡᠢ ᠯᠡ ᠥᠰᠦᠭᠰᠡᠭᠡᠷ ᠡᠳᠦᠢ ᠬᠦᠷᠦᠯ᠎ᠡ᠂ ᠭᠡᠵᠡᠢ ᠭᠡᠨ᠎ᠡ᠃
ᠪᠠᠽᠠᠷ ᠬᠦᠦ᠄
— ᠠᠪᠤ ᠡᠵᠢ ᠴᠢᠨᠢ ᠲᠠᠨ ᠳ᠋ᠤ᠌ ᠶᠠᠭᠤ ᠭᠡᠵᠦ ᠬᠡᠯᠡᠭᠰᠡᠨ ᠪᠣᠯ? ᠭᠡᠬᠦ ᠳ᠋ᠦ᠍ ᠨᠢ ᠲᠥᠨᠲᠡᠯᠡᠢ᠄
— 《ᠰᠡᠳᠬᠢᠯ ᠦ᠋ᠨ ᠠᠷᠢᠭᠤᠨ᠂ ᠰᠠᠨᠠᠭᠠᠨ ᠤ᠋ ᠰᠠᠢᠬᠠᠨ᠂ ᠬᠥᠳᠡᠯᠮᠦᠷᠢ ᠶ᠋ᠢᠨ ᠦᠷ᠎ᠡ ᠰᠢᠮ᠎ᠡ ᠪᠡᠷ ᠠᠮᠢᠳᠤᠷᠠᠳᠠᠭ ᠶᠤᠮ ᠰᠢᠦ!》 ᠭᠡᠵᠦ ᠵᠠᠬᠢᠭᠰᠠᠨ ᠶᠤᠮ ᠭᠡᠵᠡᠢ ᠭᠡᠨ᠎ᠡ᠃
ᠪᠠᠽᠠᠷ ᠬᠦᠦ ᠪᠠᠬᠠᠨ ᠶᠠᠭᠤᠮ᠎ᠠ ᠪᠣᠳᠣᠵᠤ᠄
— ᠶᠢᠷᠲᠢᠨᠴᠦ ᠶ᠋ᠢᠨ ᠰᠠᠢᠨ ᠰᠠᠨᠠᠭᠠᠲᠤ ᠬᠥᠮᠦᠨ ᠦ᠌ ᠨᠢᠭᠡ ᠨᠢ ᠲᠠ ᠶᠤᠮ ᠪᠠᠢᠨ᠎ᠠ᠂ ᠪᠢ ᠲᠠᠨ ᠢ᠋ ᠦᠷᠭᠦᠯᠵᠢ ᠪᠣᠳᠣᠵᠤ ᠶᠠᠪᠤᠬᠤ ᠪᠣᠯᠤᠨ᠎ᠠ᠂ ᠳᠠ ᠨᠠᠮ᠎ᠠ ᠶ᠋ᠢ ᠪᠠᠢᠨ᠎ᠠ ᠰᠢᠦ ᠲᠠ᠂ ᠮᠠᠷᠭᠠᠰᠢ ᠲᠣᠢᠨ ᠭᠣᠣᠯ ᠤ᠋ᠨ ᠤᠰᠤᠨ ᠳ᠋ᠤ᠌ ᠤᠷᠤᠰᠬᠠᠭᠠᠳ ᠥᠭᠭᠦᠭᠡᠷᠡᠢ! ᠵᠠ ᠶᠣ᠃ ᠭᠡᠬᠦ ᠳ᠋ᠦ᠍ ᠨᠢ ᠲᠥᠨᠲᠡᠯᠡᠢ᠄
— ᠴᠢ ᠪᠢᠳᠡ ᠬᠣᠶᠠᠷ ᠤ᠋ᠨ ᠠᠯᠢ ᠠᠯᠢ ᠨᠢ ᠡᠷ᠎ᠡ ᠭᠠᠭᠴᠠ ᠬᠥᠮᠦᠨ᠂ ᠠᠬ᠎ᠠ ᠳᠡᠭᠦᠦ ᠪᠣᠯᠪᠠᠯ ᠪᠣᠯᠬᠤ ᠯᠠ ᠶᠤᠮ ᠳᠠ᠂ ᠭᠡᠰᠡᠨ ᠴᠦ᠍ ᠮᠢᠨᠦ ᠳᠡᠭᠦᠦ ᠶᠢᠷᠲᠢᠨᠴᠦ ᠶ᠋ᠢᠨ ᠰᠠᠢᠨ ᠮᠠᠭᠤ ᠬᠥᠮᠦᠨ ᠢ᠋ ᠲᠠᠨᠢᠬᠤ ᠭᠡᠵᠦ ᠶᠠᠪᠤᠭ᠎ᠠ ᠪᠣᠯᠬᠣᠷ ᠶᠠᠭᠠᠷᠠᠳᠠᠭ ᠨᠢ ᠵᠥᠪ᠂ ᠭᠡᠵᠦ ᠬᠡᠯᠡᠵᠡᠢ ᠭᠡᠨ᠎ᠡ᠃
ᠮᠠᠷᠭᠠᠰᠢ ᠶ᠋ᠢᠨ ᠤᠯᠠᠭᠠᠨ ᠨᠠᠷᠠᠨ ᠢ᠋ᠶ᠋ᠠᠷ ᠲᠥᠨᠲᠡᠯᠡᠢ ᠬᠦᠦ ᠪᠠᠽᠠᠷ ᠬᠦᠦ ᠶ᠋ᠢ ᠳᠠᠭᠠᠭᠤᠯᠤᠨ ᠬᠣᠶᠠᠷ ᠨᠣᠬᠠᠢ ᠲᠠᠢ ᠪᠠᠨ ᠳᠥᠷᠪᠡᠭᠦᠯᠡ ᠪᠡᠨ ᠲᠣᠢᠨ ᠭᠣᠣᠯ ᠤ᠋ᠨ ᠡᠷᠭᠢ ᠳ᠋ᠦ᠍ ᠣᠴᠢᠵᠤ ᠠᠯᠲᠠ ᠮᠣᠳᠣᠨ ᠠᠷᠤᠪᠴᠢᠨ ᠳ᠋ᠤ᠌ ᠰᠠᠭᠤᠯᠭᠠᠵᠤ ᠠᠭᠠᠷᠤᠤᠯ ᠥᠷᠥᠮ᠎ᠡ ᠠᠮᠲᠠᠲᠤ ᠢᠳᠡᠭᠡ ᠶ᠋ᠢ ᠳᠡᠷᠭᠡᠳᠡ ᠨᠢ ᠣᠪᠣᠭᠠᠯᠠᠵᠤ ᠥᠭᠭᠦᠭᠡᠳ ᠰᠠᠢᠨ ᠶᠠᠪᠤᠬᠤ ᠶ᠋ᠢ ᠬᠦᠰᠡᠵᠦ ᠰᠠᠯᠵᠤ ᠬᠠᠭᠠᠴᠠᠨ ᠥᠯᠳᠡᠵᠡᠢ ᠭᠡᠨ᠎ᠡ᠃
ᠬᠥᠭᠡᠭᠡᠬᠦ ᠶ᠋ᠢ ᠤᠰᠤ ᠮᠡᠳᠡ᠂ ᠬᠦᠷᠬᠦ ᠶ᠋ᠢ ᠭᠠᠵᠠᠷ ᠮᠡᠳᠡ᠂ ᠭᠡᠵᠦ ᠪᠠᠽᠠᠷ ᠬᠦᠦ ᠰᠠᠨᠠᠭᠠᠳ ᠳᠡᠷᠡᠰᠦᠨ ᠨᠤᠮᠤ ᠰᠤᠮᠤ ᠪᠠᠨ ᠪᠠᠷᠢᠭᠠᠳ ᠶᠠᠪᠤᠵᠤ ᠪᠠᠢᠵᠠᠢ ᠭᠡᠨ᠎ᠡ᠃ ᠪᠦᠲᠦᠨ ᠡᠳᠦᠷ ᠰᠥᠨᠢ ᠬᠦᠪᠦᠭᠡᠳ ᠶᠠᠪᠤᠵᠤ ᠪᠠᠢᠲᠠᠯ᠎ᠠ ᠭᠡᠨᠡᠳᠲᠡ ᠨᠢᠭᠡ ᠶᠠᠭᠤᠮ᠎ᠠ ᠰᠡᠪᠬᠢᠲᠡᠯ᠎ᠡ ᠡᠷᠭᠦᠭᠡᠳ ᠯᠡ ᠠᠪᠤᠭᠠᠳ ᠶᠠᠪᠤᠴᠢᠬᠠᠬᠤ ᠰᠢᠭ᠋ ᠪᠣᠯᠤᠭᠠᠳ ᠤᠬᠠᠭᠠᠨ ᠠᠯᠳᠠᠴᠢᠬᠠᠵᠠᠢ᠃ ᠨᠢᠭᠡ ᠢᠩᠭᠢᠭᠡᠳ ᠯᠡ ᠰᠡᠷᠡᠭᠰᠡᠨ ᠴᠢᠨᠢ ᠬᠣᠶᠠᠷ ᠬᠥᠮᠦᠨ ᠢᠨᠢᠶᠡᠯᠳᠦᠵᠦ ᠪᠠᠢᠨ᠎ᠠ ᠭᠡᠨ᠎ᠡ᠃ ᠪᠠᠽᠠᠷ ᠬᠦᠦ ᠢᠩᠭᠢᠭᠡᠳ ᠴᠢᠮᠡᠭᠡ ᠴᠢᠩᠨᠠᠭᠰᠠᠨ ᠴᠢᠨᠢ᠄
— ᠡᠨᠡ ᠮᠠᠭᠤ ᠬᠡᠦᠬᠡᠳ ᠢ᠋ ᠴᠢᠨᠢ ᠨᠢᠷᠤᠭᠤᠨ ᠳ᠋ᠤ᠌ ᠨᠢ ᠠᠷᠤᠭ᠂ ᠭᠠᠷ ᠲᠤ᠌ ᠨᠢ ᠰᠠᠪᠠᠷ᠂ ᠬᠥᠯ ᠳ᠋ᠦ᠍ ᠨᠢ ᠱᠠᠬᠠᠢ ᠡᠮᠦᠰᠬᠡᠭᠡᠳ ᠡᠳᠦᠷᠵᠢᠨ ᠵᠠᠷᠤᠴᠠᠯᠠᠳᠠᠭ ᠬᠡᠷᠡᠭ ᠠ᠋! ᠡᠳᠦᠷ ᠲᠦ᠍ ᠨᠢᠭᠡ ᠠᠶᠠᠭ᠎ᠠ ᠤᠰᠤ ᠥᠭᠴᠦ ᠠᠳᠬᠤ ᠰᠢᠷ᠎ᠠ ᠪᠤᠳᠠᠭ᠎ᠠ ᠪᠠᠷ ᠭᠡᠳᠡᠰᠦ ᠶ᠋ᠢ ᠨᠢ ᠳᠦᠭᠦᠷᠭᠡᠭᠡᠳ ᠪᠠᠢᠬᠤ ᠳ᠋ᠤ᠌ ᠪᠣᠯᠬᠤ ᠦᠭᠡᠢ ᠶᠠᠭᠠᠬᠢᠳᠠᠭ ᠶᠤᠮ? ᠭᠡᠵᠦ ᠪᠠᠢᠨ᠎ᠠ ᠭᠡᠨ᠎ᠡ᠃
ᠠᠪᠠᠭᠠᠢ᠄— ᠦᠭᠡᠢ ᠴᠢ ᠴᠢᠨᠢ ᠥᠨᠥᠳᠥᠷ ᠶᠡᠬᠡ ᠣᠯᠵᠠ ᠲᠠᠢ ᠶᠠᠪᠤᠵᠠᠢ᠂ ᠡᠨᠡ ᠬᠦᠦ ᠶ᠋ᠢ ᠶᠠᠭᠠᠬᠢᠵᠤ ᠪᠠᠢᠭᠠᠳ ᠶᠠᠭᠠᠬᠢᠰᠬᠢᠭᠡᠳ ᠪᠠᠷᠢᠭᠠᠳ ᠠᠪᠤᠪᠠ? ᠭᠡᠵᠦ ᠪᠠᠢᠨ᠎ᠠ ᠭᠡᠨ᠎ᠡ᠃
— ᠲᠣᠢᠨ ᠭᠣᠣᠯ ᠤ᠋ᠨ ᠤᠰᠤᠨ ᠳ᠋ᠤ᠌ ᠤᠷᠤᠰᠤᠭᠠᠳ ᠶᠠᠪᠤᠵᠤ ᠪᠠᠢᠬᠤ ᠪᠠᠷ ᠨᠢ᠁ ᠶᠠᠭᠠᠬᠢᠬᠤᠪ ᠳᠠ᠂ ᠨᠥᠭᠦᠭᠡ ᠪᠠᠷᠢᠳᠠᠭ ᠠᠷᠭ᠎ᠠ ᠪᠠᠷ ᠢ᠋ᠶ᠋ᠠᠨ ᠯᠠ ᠪᠠᠷᠢᠭᠠᠳ ᠢᠷᠡᠯ᠎ᠡ᠂ ᠰᠡᠷᠭᠦᠯᠡᠩ ᠶᠠᠩᠵᠤ ᠶ᠋ᠢᠨ ᠬᠡᠦᠬᠡᠳ ᠪᠠᠢᠳᠠᠭ ᠰᠢᠦ᠂ ᠮᠡᠳᠡᠭᠡᠲᠡᠢᠬᠡᠨ ᠪᠠᠢᠭᠠᠷᠠᠢ! ᠭᠡᠵᠦ ᠬᠡᠯᠡᠭᠡᠳ ᠰᠠᠨᠳᠤᠷᠤᠭᠠᠳ ᠯᠠ ᠭᠠᠷᠤᠭᠠᠳ ᠶᠠᠪᠤᠴᠢᠬᠠᠵᠠᠢ ᠭᠡᠨ᠎ᠡ᠃
ᠪᠠᠽᠠᠷ ᠪᠣᠰᠴᠤ ᠴᠢᠢᠳᠡᠮ ᠵᠢᠭᠠᠯ ᠵᠠᠯᠭᠢᠯᠠᠭᠠᠳ ᠭᠠᠷᠲᠠᠯ᠎ᠠ ᠭᠡᠷ ᠦ᠋ᠨ ᠪᠠᠷᠠᠭᠤᠨ ᠲᠠᠯ᠎ᠠ ᠳ᠋ᠤ᠌ ᠣᠭᠣᠰᠣᠷ ᠪᠦᠴᠡ ᠦᠭᠡᠢ ᠴᠠᠭᠠᠨ ᠥᠷᠭᠥᠭᠡ ᠪᠠᠢᠨ᠎ᠠ ᠭᠡᠨ᠎ᠡ ᠰᠢᠦ᠂ ᠬᠠᠶᠠᠭᠠᠨ ᠳ᠋ᠤ᠌ ᠨᠢ ᠣᠴᠢᠭᠠᠳ ᠴᠢᠩᠨᠠᠭᠰᠠᠨ ᠴᠢᠨᠢ ᠬᠣᠶᠠᠷ ᠠᠪᠠᠭᠠᠢ ᠢᠩᠭᠢᠵᠦ ᠶᠠᠷᠢᠵᠤ ᠪᠠᠢᠨ᠎ᠠ ᠭᠡᠨ᠎ᠡ᠃
— ᠵᠠ ᠬᠦ᠂ ᠴᠢ ᠮᠠᠨ ᠤ᠋ ᠭᠡᠷ ᠦ᠋ᠨ ᠡᠵᠡᠨ ᠢ᠋ ᠮᠡᠳᠡᠨ᠎ᠡ ᠳᠠ᠂ ᠡᠳᠦᠢ ᠪᠣᠯᠲᠠᠯ᠎ᠠ ᠪᠠᠨ ᠬᠠᠰᠢᠷ ᠰᠠᠭᠤᠵᠤ᠂ ᠬᠠᠯᠠ ᠦᠵᠡᠭᠡ ᠦᠭᠡᠢ ᠭᠡᠵᠦ ᠬᠡᠨ ᠴᠦ᠍ ᠬᠡᠯᠡᠬᠦ ᠦᠭᠡᠢ ᠲᠠ᠂ ᠦᠭᠡᠢ ᠲᠡᠭᠡᠭᠡᠳ ᠥᠨᠥᠳᠥᠷ ᠲᠣᠢᠨ ᠭᠣᠣᠯ ᠢ᠋ᠶ᠋ᠠᠷ ᠤᠷᠤᠰᠴᠤ ᠶᠠᠪᠤᠭᠰᠠᠨ ᠲᠣᠬᠣᠢ ᠶ᠋ᠢᠨ ᠴᠢᠨᠡᠭᠡ ᠬᠡᠦᠬᠡᠳ ᠢ᠋ ᠪᠠᠷᠢᠭᠠᠳ ᠠᠪᠤᠭᠠᠳ ᠢᠷᠡᠵᠡᠢ᠂ ᠬᠠᠷᠠᠬᠤ ᠳ᠋ᠤ᠌ ᠠᠢᠬᠤᠪᠲᠤᠷ ᠰᠦᠷᠡᠬᠡᠢ ᠬᠡᠦᠬᠡᠳ ᠪᠠᠢᠨ᠎ᠠ᠂ ᠠᠷᠭ᠎ᠠ ᠪᠠᠨ ᠶᠠᠳᠠᠬᠤ ᠳ᠋ᠤ᠌ ᠪᠠᠨ ᠠᠵᠠ ᠬᠡᠢᠮᠣᠷᠢ ᠨᠢ ᠵᠠᠢᠯᠠᠭ ᠭᠡᠵᠦ ᠬᠥᠰᠡᠷ ᠦ᠋ᠨ ᠮᠠᠭᠤ ᠬᠤᠪᠴᠠᠰᠤ ᠡᠮᠦᠰᠦᠭᠦᠯᠦᠭᠡᠳ ᠪᠠᠢᠭ᠎ᠠ ᠨᠢ ᠲᠡᠷᠡ᠃ ᠭᠡᠬᠦ ᠳ᠋ᠦ᠍ ᠨᠥᠭᠦᠭᠡ ᠠᠪᠠᠭᠠᠢ᠄
— ᠲᠡᠢᠮᠦ ᠵᠢᠭᠠᠬᠠᠨ ᠬᠡᠦᠬᠡᠳ ᠲᠡᠭᠡᠵᠦ ᠶᠠᠪᠤᠬᠤ ᠤᠴᠢᠷ ᠦᠭᠡᠢ᠂ ᠲᠡᠷᠡ ᠯᠠᠪ ᠨᠢᠭᠡ ᠪᠣᠯ ᠪᠤᠷᠬᠠᠨ ᠪᠠᠢᠬᠤ᠂ ᠨᠢᠭᠡ ᠪᠣᠯ ᠠᠳᠠ ᠲᠠᠢ ᠮᠠᠭᠤ ᠠᠮᠢᠲᠠᠨ ᠪᠠᠢᠵᠤ ᠲᠠᠭᠠᠷᠠᠨ᠎ᠠ᠂ ᠵᠣᠷᠢᠭ ᠢ᠋ᠶ᠋ᠠᠷ ᠨᠢ ᠰᠢᠦ ᠪᠠᠢᠯᠭᠠᠵᠤ ᠪᠠᠢᠭᠠᠳ ᠯᠠ ᠨᠥᠭᠥᠭᠡᠳᠡᠭᠦᠯᠡ ᠪᠡᠨ ᠢᠷᠡᠮᠡᠭᠴᠡ ᠨᠢᠭᠡ ᠤᠴᠢᠷ ᠢ᠋ ᠨᠢ ᠣᠯᠤᠭᠰᠠᠨ ᠨᠢ ᠳᠡᠭᠡᠷ᠎ᠡ ᠭᠡᠵᠦ ᠪᠠᠢᠨ᠎ᠠ ᠭᠡᠨ᠎ᠡ᠃
ᠪᠠᠴᠠᠷ ᠡᠨᠡ ᠦᠭᠡ ᠶ᠋ᠢ ᠳᠤᠭᠤᠯᠤᠭᠠᠳ ᠵᠠᠢᠯᠠᠬᠤ ᠶ᠋ᠢ ᠪᠣᠳᠣᠵᠤ ᠡᠢᠰᠢ ᠲᠠᠢᠰᠢ ᠪᠠᠨ ᠬᠠᠷᠠᠭᠰᠠᠨ ᠴᠢᠨᠢ ᠮᠣᠳᠣᠨ ᠠᠷᠤᠪᠴᠢ ᠳᠡᠷᠡᠰᠦᠨ ᠨᠤᠮᠤ ᠰᠤᠮᠤ ᠨᠢ ᠲᠣᠮᠣ ᠭᠡᠷ ᠦ᠋ᠨ ᠵᠡᠭᠦᠨᠲᠡᠢ ᠬᠤᠷᠢᠶᠠᠭᠰᠠᠨ ᠪᠠᠷᠠᠭᠠᠨ ᠳᠡᠭᠡᠷ᠎ᠡ ᠳᠠᠮᠨᠠᠭᠤᠯᠤᠭᠠᠳ ᠬᠠᠶᠠᠭᠰᠠᠨ ᠬᠠᠷᠠᠭᠳᠠᠵᠠᠢ ᠭᠡᠨ᠎ᠡ᠂ ᠮᠣᠷᠢᠨ ᠤ᠋ ᠤᠶᠠᠭᠠᠨ ᠳᠡᠭᠡᠷ᠎ᠡ ᠨᠣᠭᠣᠭᠠᠨ ᠭᠥᠯᠢᠮ ᠲᠡᠢ ᠱᠠᠭᠠᠵᠠᠭᠠᠢ ᠠᠯᠠᠭ ᠮᠣᠷᠢ ᠲᠣᠯᠣᠭᠠᠢ ᠪᠠᠨ ᠬᠠᠶᠠᠯᠠᠨ ᠵᠣᠭᠰᠣᠵᠤ ᠪᠠᠢᠬᠤ ᠶ᠋ᠢ ᠬᠠᠷᠠᠭᠠᠳ᠂ ᠡᠨᠡ ᠯᠠᠪ ᠰᠡᠭᠦᠯ ᠦ᠋ᠨ ᠢᠷᠡᠭᠰᠡᠨ ᠠᠪᠠᠭᠠᠢ ᠶ᠋ᠢᠨ ᠮᠣᠷᠢ ᠪᠠᠢᠵᠤ ᠲᠠᠭᠠᠷᠠᠬᠤ ᠨᠢ ᠠ᠋! ᠭᠡᠵᠦ ᠪᠣᠳᠣᠵᠤ ᠭᠡᠨ᠎ᠡ᠃
ᠡᠨᠡ ᠬᠣᠶᠠᠷ ᠠᠪᠠᠭᠠᠢ ᠬᠣᠭᠣᠯᠠ ᠤᠮᠳᠠᠨ ᠤ᠋ ᠪᠠᠨ ᠭᠡᠷ ᠲᠦ᠍ ᠣᠷᠣᠵᠤ ᠵᠠᠷᠤᠴᠠ ᠨᠠᠷ ᠲᠤ᠌ ᠪᠠᠨ ᠲᠡᠭᠡ᠂ ᠢᠩᠭᠢ ᠭᠡᠵᠦ ᠲᠤᠰᠢᠶᠠᠯ ᠪᠠᠭᠤᠯᠭᠠᠵᠤ ᠪᠠᠢᠭ᠎ᠠ ᠶᠤᠮ ᠪᠠᠢᠨ᠎ᠠ ᠳᠠ ᠭᠡᠵᠦ ᠪᠣᠳᠣᠵᠠᠢ᠂
ᠠᠯᠠᠭ ᠮᠣᠷᠢ ᠳᠡᠭᠡᠷ᠎ᠡ ᠣᠴᠢᠪᠠᠯ ᠬᠦᠵᠦᠭᠦᠦ ᠰᠤᠩᠭᠠᠨ ᠦᠨᠦᠷᠯᠡᠵᠦ ᠪᠠᠢᠨ᠎ᠠ ᠭᠡᠨ᠎ᠡ᠂ ᠪᠠᠽᠠᠷ ᠬᠦᠦ ᠤᠶᠠᠭ᠎ᠠ ᠶ᠋ᠢ ᠲᠠᠢᠯᠤᠩᠭᠤᠲᠠ ᠮᠣᠷᠳᠠᠬᠤ ᠭᠡᠰᠡᠨ ᠴᠢᠨᠢ ᠬᠥᠯ ᠨᠢ ᠳᠥᠷᠦᠭᠡᠨ ᠳ᠋ᠦ᠍ ᠨᠢ ᠬᠦᠷᠳᠡᠭ ᠦᠭᠡᠢ᠃ ᠲᠡᠭᠡᠬᠦ ᠪᠡᠷ ᠨᠢ ᠠᠷᠤᠭ ᠳᠡᠭᠡᠷ᠎ᠡ ᠭᠠᠷᠴᠤ ᠮᠣᠷᠳᠠᠭᠠᠳ ᠯᠠ ᠵᠡᠭᠦᠨ ᠬᠣᠢᠲᠤ ᠵᠦᠭ ᠤᠷᠤᠭᠤ ᠳᠠᠪᠬᠢᠨ ᠣᠳᠴᠠᠢ ᠭᠡᠨ᠎ᠡ᠃
ᠲᠥᠨᠲᠡᠯᠡᠢ ᠬᠦᠦ ᠲᠦᠮᠡᠨ ᠬᠣᠨᠢ ᠪᠠᠨ ᠬᠠᠷᠢᠭᠤᠯᠤᠭᠠᠳ ᠶᠠᠪᠤᠵᠤ ᠪᠠᠢᠭᠰᠠᠨ ᠴᠢᠨᠢ ᠪᠠᠷᠠᠭᠤᠨ ᠤᠷᠲᠤ ᠵᠦᠭ ᠡᠴᠡ ᠪᠠᠷᠠᠭᠠᠨ ᠲᠣᠭᠣᠰᠣ ᠭᠠᠷᠴᠤ ᠪᠠᠢᠬᠤ ᠶ᠋ᠢ ᠬᠠᠷᠠᠭᠠᠳ᠂
ᠵᠠ ᠳᠠ!᠂ ᠡᠨᠡ ᠴᠦ᠍ ᠯᠠᠪ ᠰᠠᠢᠨ ᠡᠷ᠎ᠡ ᠶ᠋ᠢᠨ ᠮᠣᠷᠢᠨ ᠤ᠋ ᠲᠣᠭᠣᠰᠣ ᠪᠠᠢᠨ᠎ᠠ ᠭᠡᠵᠦ ᠪᠣᠳᠣᠭᠠᠳ ᠠᠰᠠᠷ ᠪᠠᠰᠠᠷ ᠬᠣᠶᠠᠷ ᠨᠣᠬᠠᠢ ᠪᠠᠨ ᠲᠡᠷᠡ ᠵᠦᠭ ᠲᠦ᠍ ᠲᠣᠬᠢᠷᠠᠭᠠᠳ ᠣᠷᠭᠢᠲᠠᠯ᠎ᠠ ᠬᠣᠶᠠᠷ ᠨᠣᠬᠠᠢ ᠨᠢ ᠬᠠᠷᠪᠤᠭᠰᠠᠨ ᠰᠤᠮᠤ ᠰᠢᠭ᠋ ᠣᠳᠴᠠᠢ ᠭᠡᠨ᠎ᠡ᠃
ᠪᠠᠽᠠᠷ ᠬᠦᠦ ᠶ᠋ᠢᠨ ᠱᠠᠭᠠᠵᠠᠭᠠᠢ ᠠᠯᠠᠭ ᠮᠣᠷᠢ ᠠᠶᠠᠭ᠎ᠠ ᠶ᠋ᠢᠨ ᠴᠢᠨᠡᠭᠡ ᠴᠢᠯᠠᠭᠤ ᠶ᠋ᠢ ᠠᠷᠤ ᠲᠡᠢᠰᠢ ᠨᠢ ᠰᠢᠳᠡᠯᠡᠵᠦ᠂ ᠠᠯᠲᠠ ᠴᠠᠭᠠᠨ ᠲᠣᠭᠣᠰᠣ ᠶ᠋ᠢ ᠡᠭᠴᠡ ᠥᠭᠡᠳᠡ ᠨᠢ ᠪᠣᠰᠬᠠᠵᠤ᠂ ᠰᠤᠭᠤ ᠴᠢᠬᠢ ᠪᠡᠨ ᠰᠣᠯᠪᠢᠭᠤᠯᠵᠤ᠂ ᠲᠣᠷᠮᠣᠭᠣᠷ ᠨᠢᠳᠦ ᠪᠡᠨ ᠴᠠᠪᠴᠢᠭᠤᠯᠵᠤ ᠨᠢᠭᠡᠨ ᠵᠢᠭᠳᠡ ᠳᠠᠪᠬᠢᠵᠤ ᠶᠠᠪᠤᠲᠠᠯ᠎ᠠ ᠠᠰᠠᠷ ᠪᠠᠰᠠᠷ ᠬᠣᠶᠠᠷ ᠨᠣᠬᠠᠢ ᠤᠭᠲᠤᠨ ᠣᠴᠢᠵᠤ ᠵᠡᠷᠭᠡᠴᠡᠨ ᠢᠷᠡᠭᠡᠳ᠂ ᠡᠵᠡᠨ ᠪᠢᠳᠡᠨ ᠢ᠋ ᠤᠭᠲᠤᠭᠤᠯᠪᠠ ᠭᠡᠵᠦ ᠪᠠᠢᠭ᠎ᠠ ᠪᠣᠯᠤᠯᠲᠠᠢ ᠡᠯᠳᠡᠪ ᠬᠥᠭᠡᠷᠦᠬᠦᠨ ᠠᠭᠠᠰᠢ ᠭᠠᠷᠭᠠᠵᠤ ᠡᠷᠬᠡᠯᠡᠨ ᠪᠠᠢᠵᠠᠢ᠂ ᠪᠠᠽᠠᠷ ᠬᠦᠦ
— ᠰᠠᠢᠨ ᠠᠬ᠎ᠠ ᠶ᠋ᠢᠨ ᠠᠮᠤᠷ ᠢ᠋ ᠡᠷᠢᠶ᠎ᠡ! ᠭᠡᠰᠡᠨ ᠳ᠋ᠦ᠍ ᠲᠥᠨᠲᠡᠯᠡᠢ᠄
— ᠰᠠᠢᠨ ᠳᠡᠭᠦᠦ ᠶ᠋ᠢᠨ ᠠᠮᠤᠷ ᠢ᠋ ᠡᠷᠢᠶ᠎ᠡ! ᠵᠠ᠂ ᠮᠢᠨᠦ ᠳᠡᠭᠦᠦ ᠰᠠᠨᠠᠭ᠎ᠠ ᠮᠠᠭᠤᠲᠤ ᠬᠥᠮᠦᠰ ᠲᠡᠢ ᠠᠭᠤᠯᠵᠠᠭ᠎ᠠ ᠤᠤ? ᠭᠡᠬᠦ ᠳ᠋ᠦ᠍ ᠨᠢ ᠪᠠᠴᠠᠷ ᠬᠦᠦ ᠪᠠᠬᠠᠨ ᠳᠠᠭᠤ ᠦᠭᠡᠢ ᠪᠠᠢᠵᠤ ᠪᠠᠢᠭᠰᠠᠨ ᠢ᠋ᠶ᠋ᠠᠨ᠄
ᠠᠭᠤᠯᠵᠠᠭᠠᠳ ᠵᠢᠭᠤᠲᠠᠭᠠᠳ ᠢᠷᠡᠯ᠎ᠡ ᠭᠡᠵᠡᠢ ᠭᠡᠨ᠎ᠡ᠃ ᠲᠥᠨᠲᠡᠯᠡᠢ ᠬᠦᠦ᠄
— ᠵᠠ! ᠴᠢ ᠪᠢᠳᠡ ᠬᠣᠶᠠᠷ ᠠᠬ᠎ᠠ ᠳᠡᠭᠦᠦ ᠪᠣᠯᠵᠤ ᠠᠪᠤ ᠡᠵᠢ ᠳᠡᠭᠡᠷ᠎ᠡ ᠴᠢᠨᠢ ᠣᠴᠢᠨ᠎ᠠ ᠳᠠ᠂ ᠪᠢ ᠴᠢᠮ᠎ᠠ ᠶ᠋ᠢ ᠢᠩᠭᠢᠭᠡᠳ ᠬᠦᠷᠦᠭᠡᠳ ᠢᠷᠡᠨ᠎ᠡ ᠭᠡᠳᠡᠭ ᠢ᠋ ᠮᠡᠳᠡᠵᠦ ᠪᠠᠢᠭᠰᠠᠨ ᠶᠤᠮ᠃ ᠬᠠᠷ᠎ᠠ ᠪᠤᠷᠤᠭᠤ ᠰᠠᠨᠠᠭᠠᠲᠤ ᠬᠡᠰᠡᠭ ᠳᠡᠭᠡᠷᠡᠮᠴᠢᠳ ᠬᠣᠯᠠ ᠣᠢᠷ᠎ᠠ ᠡᠴᠡ ᠶᠠᠪᠤᠭ᠎ᠠ ᠬᠥᠮᠦᠨ ᠦ᠌ ᠤᠨᠤᠭ᠎ᠠ ᠮᠠᠯ᠂ ᠤᠰᠤ ᠭᠠᠲᠤᠯᠬᠤ ᠪᠠᠷ ᠶᠠᠪᠤᠭ᠎ᠠ ᠰᠦᠷᠦᠭ ᠢ᠋ ᠳᠡᠭᠡᠷᠡᠮᠳᠡᠵᠦ ᠬᠡᠷᠡᠭᠲᠡᠢ ᠭᠡᠵᠦ ᠰᠠᠨᠠᠭᠰᠠᠨ ᠡᠵᠡᠨ ᠢ᠋ ᠬᠣᠷᠣᠭᠠᠵᠤ ᠪᠠᠢᠳᠠᠭ ᠬᠥᠮᠦᠰ ᠣᠳᠣ ᠪᠢᠳᠡᠨ ᠳ᠋ᠦ᠍ ᠠᠶᠤᠬᠤ ᠶ᠋ᠢᠨ ᠠᠶᠤᠯ ᠪᠠᠢᠬᠤ ᠦᠭᠡᠢ ᠭᠡᠵᠡᠢ᠂ ᠡᠳ᠋ ᠪᠠᠶᠠᠯᠢᠭ ᠤ᠋ᠨ ᠠᠷᠢᠭᠤᠨ ᠡᠴᠡ ᠡᠷᠬᠢᠮ ᠰᠡᠳᠬᠢᠯ ᠦ᠋ᠨ ᠠᠷᠢᠭᠤᠨ ᠭᠡᠵᠦ ᠪᠠᠢᠳᠠᠭ ᠶᠤᠮ᠂ ᠡᠢᠮᠦ ᠪᠣᠯᠬᠣᠷ ᠬᠡᠵᠢᠶᠡᠳᠡ ᠰᠠᠢᠨ ᠶᠠᠭᠤᠮ᠎ᠠ ᠰᠠᠨᠠᠵᠤ ᠶᠠᠪᠤᠬᠤ ᠬᠡᠷᠡᠭᠲᠡᠢ᠃ ᠭᠡᠵᠦ ᠬᠡᠯᠡᠬᠦ ᠳ᠋ᠦ᠍ ᠨᠢ ᠪᠠᠽᠠᠷ ᠳᠡᠭᠦᠦ ᠨᠢ ᠵᠥᠪᠰᠢᠶᠡᠷᠡᠵᠡᠢ᠃
      ᠢᠩᠭᠢᠭᠡᠳ ᠡᠨᠡ ᠬᠣᠶᠠᠷ ᠠᠬ᠎ᠠ ᠳᠡᠭᠦᠦ ᠪᠣᠯᠵᠤ ᠲᠦᠮᠡᠨ ᠬᠣᠨᠢ ᠪᠠᠨ ᠬᠠᠷᠢᠭᠤᠯᠵᠤ ᠡᠷᠭᠢᠬᠦ ᠳᠥᠷᠪᠡᠨ ᠤᠯᠠᠷᠢᠯ ᠳ᠋ᠤ᠌ ᠡᠷᠬᠡ ᠳᠤᠷ᠎ᠠ ᠪᠠᠷ ᠢ᠋ᠶ᠋ᠠᠨ ᠰᠠᠢᠨ ᠰᠠᠢᠬᠠᠨ ᠠᠮᠢᠳᠤᠷᠠᠵᠤ ᠠᠷᠠᠳ ᠣᠯᠠᠨ ᠳ᠋ᠤ᠌ ᠪᠠᠨ ᠲᠤᠰᠠ ᠬᠦᠷᠭᠡᠭᠰᠡᠭᠡᠷ ᠪᠠᠢᠭᠰᠠᠨ ᠶᠤᠮ ᠭᠡᠨ᠎ᠡ ᠯᠠᠢ᠃
      ᠦᠯᠢᠭᠡᠷ ᠲᠦ᠍ ᠭᠠᠷᠳᠠᠭ ᠪᠢ ᠬᠡᠯᠡ ᠪᠣᠯᠵᠤ ᠦᠨᠡᠨ ᠢ᠋ ᠬᠦᠰᠡᠭᠰᠡᠨ ᠰᠠᠨᠠᠭ᠎ᠠ ᠨᠢ ᠪᠦᠲᠦᠵᠦ᠂ ᠦᠢᠯᠡᠰ ᠪᠦᠬᠦᠨ ᠤᠷᠤᠭᠰᠢᠲᠠᠢ ᠶᠠᠪᠤᠵᠤ ᠦᠢ ᠲᠦᠮᠡᠨ ᠮᠠᠨᠢ ᠪᠡᠶᠡᠰᠴᠦ ᠪᠠᠢᠨ᠎ᠠ᠂ ᠦᠯᠢᠭᠡᠷ ᠡᠴᠡ ᠰᠤᠷᠬᠤ ᠶᠠᠭᠤᠮ᠎ᠠ ᠶᠡᠬᠡ ᠪᠣᠢ᠂ ᠦᠯᠢᠭᠡᠷ ᠡᠴᠡ ᠰᠠᠨᠠᠬᠤ ᠶᠠᠭᠤᠮ᠎ᠠ ᠶᠡᠬᠡ ᠪᠣᠢ᠂ ᠮᠠᠰᠢ ᠰᠠᠢᠨ ᠮᠠᠭᠠᠳᠯᠠᠨ ᠳᠤᠭᠤᠯᠤᠭᠠᠳ ᠮᠠᠷᠭᠠᠰᠢ ᠶ᠋ᠢᠨ ᠦᠯᠢᠭᠡᠷ ᠢ᠋ ᠰᠣᠨᠣᠰᠤᠭᠠᠷᠠᠢ᠃

    ᠦᠰᠦᠭ ᠬᠠᠲᠠᠭᠰᠠᠨ ᠨᠢ᠄ ᠰᠡᠷᠭᠦᠯᠡᠩ᠂
    ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠃