ᠬᠣᠶᠠᠷ ᠰᠡᠳᠬᠢᠯ -ᠪ· ᠪᠠᠲᠦᠴᠡᠴᠡᠭᠯᠡᠨХоёр сэтгэл-Б·Батцэцэглэн
ᠬᠣᠶᠠᠷ ᠰᠡᠳᠬᠢᠯ
ᠮᠣᠩᠭᠣᠯ ᠠᠷᠠᠳ ᠤ᠋ᠨ ᠳᠠᠭᠤᠤ
ᠳᠠᠭᠤᠴᠢᠨ᠄ ᠪ· ᠪᠠᠲᠦᠴᠡᠴᠡᠭᠯᠡᠨ
ᠮᠠᠨᠠᠨ ᠲᠠᠢ ᠤᠤ ᠡᠳᠦᠷ ᠪᠠᠢᠨ᠎ᠠ
ᠬᠠᠷᠠᠩᠭᠤᠢ ᠪᠣᠯᠤᠨ᠎ᠠ ᠬᠥ᠁
ᠮᠠᠨᠳᠤᠬᠤ ᠨᠠᠷᠠ ᠨᠢ ᠭᠠᠷᠤᠭᠠᠳ ᠢᠷᠡᠪᠡᠯ ᠲᠤᠩᠭᠠᠯᠠᠭ ᠪᠣᠯᠤᠨ᠎ᠠ ᠬᠥ᠁
ᠮᠢᠩᠭ᠎ᠠ ᠲᠦᠮᠡᠨ ᠣᠯᠠᠨ ᠬᠥᠮᠦᠨ ᠦ᠌ ᠳᠤᠮᠳᠠ ᠠ᠋ᠴᠠ
ᠮᠢᠨᠦ ᠵᠢᠷᠦᠬᠡᠨ ᠦ᠌ ᠪᠢᠴᠢᠬᠠᠨ ᠲᠡᠷᠡ ᠮᠢᠨᠢ ᠬᠣᠣᠰ ᠦᠭᠡᠢ ᠦᠨᠡᠨᠴᠢ ᠬᠥ᠁
ᠠᠢ ᠳᠠ ᠰᠡᠳᠬᠢᠯ ᠮᠡᠳᠡᠨ᠎ᠡ ᠬᠥ᠁
ᠲᠦᠭᠦᠬᠡᠢ ᠲᠡᠮᠦᠷ ᠢ᠋ ᠳᠠᠷᠬᠠᠨ ᠳ᠋ᠤ᠌ ᠪᠠᠨ ᠲᠤᠰᠢᠶᠠᠯ᠎ᠠ ᠬᠥ
ᠲᠦᠯᠬᠢᠭᠦᠷ ᠬᠢᠨ᠎ᠡ ᠦᠦ ᠴᠣᠣᠵᠢ ᠬᠢᠨ᠎ᠡ ᠦᠦ ᠥᠪᠡᠷ ᠢ᠋ᠶ᠋ᠡᠨ ᠮᠡᠳᠡᠨ᠎ᠡ ᠬᠥ᠁
ᠲᠥᠷᠥᠭᠰᠡᠨ ᠪᠡᠶ᠎ᠡ ᠪᠡᠨ ᠴᠢᠮ᠎ᠠ ᠳ᠋ᠤ᠌ ᠪᠠᠨ ᠯᠠ ᠲᠤᠰᠢᠶᠠᠯ᠎ᠠ
ᠲᠦᠰᠢᠭᠡᠳ ᠥᠭᠭᠦᠨ᠎ᠡ ᠦᠦ ᠲᠦᠯᠬᠢᠭᠡᠳ ᠬᠠᠶᠠᠨ᠎ᠠ ᠤᠤ ᠥᠪᠡᠷ ᠢ᠋ᠶ᠋ᠡᠨ ᠮᠡᠳᠡᠭᠡᠷᠡᠢ ᠬᠥ᠁
ᠠᠢ ᠳᠠ ᠰᠡᠳᠬᠢᠯ ᠮᠡᠳᠡᠨ᠎ᠡ ᠬᠥ᠁
ᠵᠢᠪᠡ ᠲᠠᠢ ᠯᠠ ᠲᠡᠮᠦᠷ ᠢ᠋ ᠪᠡᠨ ᠳᠠᠷᠬᠠᠨ ᠳ᠋ᠤ᠌ ᠪᠠᠨ ᠲᠤᠰᠢᠶᠠᠯ᠎ᠠ ᠬᠥ
ᠵᠡᠭᠡᠲᠦᠦ ᠬᠢᠨ᠎ᠡ ᠦᠦ ᠵᠣᠳᠣᠣ ᠬᠢᠨ᠎ᠡ ᠦᠦ ᠥᠪᠡᠷ ᠢ᠋ᠶ᠋ᠡᠨ ᠮᠡᠳᠡᠭᠡᠷᠡᠢ ᠬᠥ᠁
ᠴᠡᠪᠡᠷ ᠪᠡᠶ᠎ᠡ ᠪᠡᠨ ᠴᠢᠮ᠎ᠠ ᠳ᠋ᠤ᠌ ᠪᠠᠨ ᠲᠤᠰᠢᠶᠠᠯ᠎ᠠ
ᠴᠡᠩᠭᠡᠭᠦᠯᠵᠦ ᠶᠠᠪᠤᠨ᠎ᠠ ᠤᠤ ᠵᠢᠷᠭᠠᠭᠤᠯᠵᠤ ᠶᠠᠪᠤᠨ᠎ᠠ ᠤᠤ ᠥᠪᠡᠷ ᠢ᠋ᠶ᠋ᠡᠨ ᠮᠡᠳᠡᠭᠡᠷᠡᠢ ᠬᠥ᠁
ᠠᠢ ᠳᠠ ᠠᠮᠠᠷᠠᠭ ᠮᠡᠳᠡᠨ᠎ᠡ ᠬᠥ
ᠴᠡᠪᠡᠷ ᠪᠡᠶ᠎ᠡ ᠪᠡᠨ ᠴᠢᠮ᠎ᠠ ᠳ᠋ᠤ᠌ ᠪᠠᠨ ᠲᠤᠰᠢᠶᠠᠯ᠎ᠠ
ᠴᠡᠩᠭᠡᠭᠦᠯᠵᠦ ᠶᠠᠪᠤᠨ᠎ᠠ ᠤᠤ ᠵᠢᠷᠭᠠᠭᠤᠯᠵᠤ ᠶᠠᠪᠤᠨ᠎ᠠ ᠤᠤ ᠥᠪᠡᠷ ᠢ᠋ᠶ᠋ᠡᠨ ᠮᠡᠳᠡᠭᠡᠷᠡᠢ ᠬᠥ᠁
ᠠᠢ ᠳᠠ ᠲᠠᠨ ᠢ᠋ ᠪᠠᠨ ᠯᠠ ᠮᠡᠳᠡᠨ᠎ᠡ ᠬᠥ
ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
ᠬᠢᠨᠠᠭᠴᠢ ᠪᠠᠭᠰᠢ᠄ ᠤᠶᠠᠬᠠᠨ
