ᠪᠦᠷᠢᠨᠳᠡᠭᠦᠰ ᠭᠤᠸᠠᠢ ᠶ᠋ᠢᠨ ᠶᠠᠷᠢᠶ᠎ᠠБүрэнтөгс гуайн яриа
ᠪᠦᠷᠢᠨᠳᠡᠭᠦᠰ ᠭᠤᠸᠠᠢ ᠶ᠋ᠢᠨ ᠶᠠᠷᠢᠶ᠎ᠠ
ᠬᠡᠯᠡ ᠨᠢ ᠪᠠᠢᠬᠤ ᠦᠭᠡᠢ ᠶᠦᠮ ᠪᠣᠯᠪᠠᠯ ᠦᠨᠳᠦᠰᠦᠲᠡᠨ ᠶᠠᠰᠤᠲᠠᠨ ᠲᠡᠷᠡ ᠲᠣᠭᠲᠠᠵᠤ ᠴᠢᠳᠠᠬᠤ ᠦᠭᠡᠢ᠂ ᠲᠡᠷᠡ ᠬᠥᠭᠵᠢᠵᠦ ᠴᠢᠳᠠᠬᠤ ᠦᠭᠡᠢ᠂ ᠲᠡᠷᠡ ᠵᠠᠪᠠᠯ ᠨᠢᠭᠡᠳᠦᠭᠡᠷ ᠲᠦ᠍ ᠨᠢ ᠨᠤᠲᠤᠭ ᠨᠢ ᠪᠠᠢᠬᠤ ᠬᠡᠷᠡᠭᠲᠡᠢ᠃ ᠳᠡᠭᠡᠳᠦᠭᠦᠯᠡ ᠶ᠋ᠢᠨ ᠡᠷᠲᠡᠨ ᠦ᠌ ᠰᠤᠷᠪᠤᠯᠵᠢᠲᠤ ᠪᠢᠴᠢᠭ ᠳᠣᠲᠣᠷ᠎ᠠ ᠶᠠᠷᠢᠭᠰᠠᠨ ᠪᠠᠢᠳᠠᠭ᠃ ᠳᠤᠮᠳᠠᠭᠤᠷ ᠬᠣᠭᠣᠯᠠ ᠲᠠᠢ ᠳᠤᠯᠠᠭᠠᠨ ᠬᠡᠪᠲᠡᠷᠢ ᠲᠡᠢ ᠪᠣᠯ ᠵᠢᠷᠭᠠᠯ ᠭᠡᠵᠦ ᠮᠣᠩᠭᠣᠯ ᠬᠥᠮᠦᠨ ᠢ᠋ ᠬᠡᠯᠡᠳᠡᠭ᠂ ᠴᠢ ᠳᠤᠮᠳᠠᠭᠤᠷ ᠬᠣᠭᠣᠯᠠ ᠲᠠᠢ ᠴᠤ᠌ ᠪᠣᠯᠤᠭ᠂ ᠥᠯᠥᠨ ᠪᠠᠢᠭᠰᠠᠨ ᠴᠤ᠌ ᠪᠣᠯᠤᠭ᠂ ᠶᠠᠳᠠᠭᠤ ᠪᠠᠢᠭᠰᠠᠨ ᠴᠤ᠌ ᠪᠣᠯᠤᠭ᠂ ᠴᠢ ᠨᠢᠭᠡ ᠳᠤᠯᠠᠭᠠᠬᠠᠨ ᠨᠤᠲᠤᠭ ᠲᠠᠢ ᠪᠣᠯ ᠲᠡᠷᠡ ᠴᠢᠨᠦ ᠵᠢᠷᠭᠠᠯ ᠰᠢᠦ ᠭᠡᠵᠦ ᠮᠣᠩᠭᠣᠯ ᠤ᠋ᠨ ᠴᠢᠨᠢ ᠳᠡᠭᠡᠳᠦᠭᠦᠯᠡ ᠪᠣᠭᠳᠠ ᠲᠡᠭᠡᠵᠦ ᠵᠢᠭᠠᠭᠰᠠᠨ ᠪᠠᠢᠨ᠎ᠠ ᠰᠢᠦ᠃ ᠲᠡᠷᠡ 《 ᠨᠢᠭᠤᠴᠠ ᠲᠣᠪᠴᠢᠶᠠᠨ》 ᠲᠡᠷᠡ《 ᠠᠯᠲᠠᠨ ᠲᠣᠪᠴᠢ》ᠳᠡᠭᠡᠷ᠎ᠡ ᠲᠡᠭᠡᠵᠦ ᠲᠡᠮᠳᠡᠭᠯᠡᠭᠰᠡᠨ ᠪᠠᠢᠳᠠᠭ ᠮᠣᠩᠭᠣᠯᠴᠤᠳ᠂ ᠡᠨᠡ ᠴᠢᠨᠢ ᠦᠨᠡᠨ ᠪᠠᠢᠬᠤ ᠦᠭᠡᠢ ᠶᠣ᠂ ᠲᠡᠭᠡᠬᠦ ᠳ᠋ᠦ᠍ ᠥᠨᠥᠳᠥᠷ ᠲᠡᠢᠮᠦ ᠪᠠᠢᠵᠤ ᠴᠢᠳᠠᠬᠤ ᠦᠭᠡᠢ ᠰᠢᠲᠠ᠂ ᠬᠠᠶᠠᠴᠢᠬᠠᠭᠠᠳ ᠬᠠᠶᠠᠴᠢᠬᠠᠭᠠᠳ ᠶᠠᠪᠤᠴᠢᠬᠠᠵᠤ ᠪᠠᠢᠨ᠎ᠠ ᠵᠠᠯᠠᠭᠤᠴᠤᠳ᠂ ᠲᠡᠭᠡᠪᠡᠯ ᠡᠨᠡ ᠶ᠋ᠢ ᠵᠠᠪᠠᠯ ᠬᠡᠯᠡᠬᠦ ᠶᠣᠰᠣᠲᠠᠢ᠂ ᠪᠢᠴᠢᠬᠦ ᠶᠣᠰᠣᠲᠠᠢ ᠭᠡᠵᠦ ᠪᠣᠳᠣᠬᠤ ᠳ᠋ᠤ᠌ ᠪᠠᠨ ᠪᠢ ᠰᠠᠶᠢ ᠤᠷᠠᠨ ᠵᠣᠬᠢᠶᠠᠯ ᠢ᠋ᠶ᠋ᠠᠨ ᠳᠠᠬᠢᠵᠤ ᠪᠢᠴᠢᠵᠦ ᠡᠬᠢᠯᠡᠭᠰᠡᠨ᠃
ᠪᠢ ᠴᠢᠨᠢ ᠨᠢᠭᠡ ᠵᠣᠬᠢᠶᠠᠯᠴᠢ ᠬᠥᠮᠦᠨ ᠰᠢᠲᠠ᠂ ᠪᠢ ᠥᠨᠥᠳᠥᠷ ᠦᠨᠳᠦᠰᠦᠲᠡᠨ ᠶᠠᠰᠤᠲᠠᠨ ᠳ᠋ᠤ᠌ ᠪᠠᠨ ᠬᠣᠶᠠᠷ ᠶᠠᠭᠤᠮ᠎ᠠ ᠪᠢᠴᠢᠬᠦ ᠶᠣᠰᠣᠲᠠᠢ᠃ ᠮᠠᠨ ᠤ᠋ ᠮᠣᠩᠭᠣᠯ ᠬᠥᠮᠦᠨ ᠶᠠᠭᠤ ᠭᠡᠵᠦ ᠶᠠᠷᠢᠵᠤ ᠪᠠᠢᠨ᠎ᠠ᠂ ᠪᠢ ᠥᠨᠥᠳᠥᠷ ᠭᠠᠷ ᠢ᠋ᠶ᠋ᠠᠷ ᠢ᠋ᠶ᠋ᠠᠨ ᠪᠠᠷᠢᠭᠰᠠᠨ ᠬᠥᠯ ᠢ᠋ᠶ᠋ᠡᠷ ᠢ᠋ᠶ᠋ᠡᠨ ᠢᠰᠬᠦᠯᠦᠭᠰᠡᠨ ᠭᠡᠵᠦ ᠬᠡᠯᠡᠵᠦ ᠪᠠᠢᠨ᠎ᠠ᠃ ᠪᠠᠷᠢᠭᠰᠠᠨ ᠠᠪᠤᠭᠰᠠᠨ ᠭᠡᠵᠦ ᠬᠡᠯᠡᠵᠦ ᠪᠣᠯᠬᠤ ᠠ᠋ᠴᠠ ᠪᠢᠰᠢ ᠭᠠᠷ ᠭᠡᠵᠦ ᠶᠠᠷᠢᠳᠠᠭ ᠨᠢ ᠶᠠᠭᠤ ᠶᠤᠮ ᠪᠣᠢ᠂ ᠪᠢ ᠢᠰᠬᠦᠯᠦᠯᠡ ᠭᠡᠵᠦ ᠬᠡᠯᠡᠬᠦ ᠡᠴᠡ ᠪᠢᠰᠢ ᠴᠢ ᠬᠥᠯ ᠢ᠋ᠶ᠋ᠡᠨ ᠶᠠᠷᠢᠬᠤ ᠬᠡᠷᠡᠭ ᠦᠭᠡᠢ᠃ ᠡᠨᠡ ᠴᠢᠨᠢ ᠬᠢᠲᠠᠳ ᠦᠭᠡᠨ ᠡᠴᠡ ᠢᠷᠡᠭᠰᠡᠨ ᠬᠢᠲᠠᠳ ᠦᠭᠡ ᠪᠣᠯ ᠵᠠᠪᠠᠯ ᠭᠠᠷ ᠪᠠᠷᠢᠯ᠎ᠠ ᠭᠡᠵᠦ ᠬᠡᠯᠡᠨ᠎ᠡ᠃ ᠭᠠᠷ ᠢ᠋ᠶ᠋ᠠᠷ ᠪᠠᠷᠢᠵᠤ ᠬᠥᠯ ᠢ᠋ᠶ᠋ᠡᠷ ᠲᠡᠷᠡ ᠢᠰᠬᠦᠯᠳᠡᠭ ᠭᠡᠵᠦ ᠶᠠᠷᠢᠳᠠᠭ᠂ ᠡᠨᠡ ᠰᠡᠳᠬᠢᠮᠵᠢ ᠨᠢ ᠶᠠᠭ ᠲᠡᠷᠡ ᠠᠬ᠎ᠠ ᠦᠨᠳᠦᠰᠦᠲᠡᠨ ᠦ᠌ ᠰᠡᠳᠬᠢᠮᠵᠢ ᠪᠡᠷ ᠮᠠᠨ ᠤ᠋ ᠮᠣᠩᠭᠣᠯ ᠡᠢᠰᠢ ᠪᠡᠨ ᠬᠡᠯᠪᠡᠢᠭᠰᠡᠨ᠃ ᠨᠢᠭᠡ ᠲᠣᠭᠣᠭ᠎ᠠ ᠲᠠᠷᠭᠤᠨ ᠮᠢᠬᠠᠨ ᠳᠣᠲᠣᠷ᠎ᠠ ᠥᠭᠡᠷ᠎ᠡ ᠨᠢᠭᠡ ᠨᠣᠭᠣᠭ᠎ᠠ ᠮᠣᠬᠣᠭ᠎ᠠ ᠬᠢᠵᠦ ᠬᠠᠮᠢᠶ᠎ᠠ ᠦᠭᠡᠢ ᠬᠠᠶᠠᠭᠰᠠᠨ᠂ ᠦᠨᠳᠦᠰᠦᠲᠡᠨ ᠦ᠌ ᠮᠢᠨᠢ ᠰᠡᠳᠬᠢᠮᠵᠢ ᠮᠥᠨ ᠢᠩᠭᠢᠵᠦ ᠥᠭᠡᠷ᠎ᠡ ᠨᠢᠭᠡ ᠥᠩᠭᠡ ᠪᠣᠳᠣᠭ ᠲᠠᠢ ᠪᠣᠯᠤᠭᠠᠳ ᠤᠤᠯ ᠤ᠋ᠨ ᠲᠡᠷᠡ ᠮᠣᠩᠭᠣᠯ ᠬᠥᠮᠦᠨ ᠦ᠌ ᠲᠡᠷᠡ ᠮᠠᠯ ᠠᠬᠤᠢ ᠲᠠᠢ᠂ ᠮᠠᠯ ᠰᠦᠷᠦᠭ ᠲᠡᠢ᠂ ᠲᠡᠷᠡ ᠮᠣᠩᠭᠣᠯ ᠰᠡᠳᠬᠢᠮᠵᠢ ᠨᠢ ᠵᠢᠱ᠌ᠢᠶᠡᠯᠡᠪᠡᠯ ᠮᠣᠷᠢ ᠤᠨᠤᠭᠰᠠᠨ ᠪᠣᠯ ᠰᠠᠢᠪᠤᠷ ᠮᠣᠷᠢ ᠤᠨᠤᠭᠰᠠᠨ ᠰᠢᠭ᠋᠂ ᠲᠡᠮᠡᠭᠡ ᠤᠨᠤᠳᠠᠭ ᠪᠣᠯ ᠰᠠᠢᠬᠠᠨ ᠵᠥᠭᠡᠯᠡᠨ ᠱᠣᠭᠱᠣᠭᠠ ᠲᠠᠢ ᠲᠡᠮᠡᠭᠡ ᠤᠨᠤᠭᠰᠠᠨ ᠰᠢᠭ᠋ ᠲᠡᠢᠮᠦ ᠰᠡᠳᠬᠢᠮᠵᠢ ᠪᠠᠢᠳᠠᠭ᠃ᠮᠣᠩᠭᠣᠯ ᠬᠥᠮᠦᠨ ᠳ᠋ᠦ᠍ ᠲᠡᠷᠡ ᠨᠢ ᠪᠠᠢᠬᠤ ᠦᠭᠡᠢ ᠪᠣᠯᠤᠭᠰᠠᠨ ᠡᠢᠮᠦ ᠤᠴᠢᠷ ᠠ᠋ᠴᠠ ᠪᠢ ᠵᠠᠪᠠᠯ ᠵᠣᠬᠢᠶᠠᠯ ᠪᠢᠴᠢᠬᠦ ᠬᠡᠷᠡᠭᠲᠡᠢ᠃
ᠢᠷᠡᠯᠲᠡ᠄ ᠰᠦᠯᠵᠢᠶᠡᠨ ᠡᠴᠡ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
ᠬᠢᠨᠠᠯᠲᠠ ᠄ ᠵᠡᠷᠮᠤᠳ ᠥᠯᠵᠡᠢ
