ᠴᠠᠭ ᠬᠤᠭᠤᠴᠠᠭᠠᠨ ᠤ ᠲᠤᠭᠤᠷᠪᠢᠯ - ᠸᠠᠴᠢᠷᠪᠠᠲᠤ ᠶ᠋ᠢᠨ ᠳᠠᠰᠢᠪᠠᠯᠪᠠᠷ Цаг хугацааны туурвил - Очирбатын Дашбалбар
ᠴᠠᠭ ᠬᠤᠭᠤᠴᠠᠭᠠᠨ ᠤ ᠲᠤᠭᠤᠷᠪᠢᠯ
ᠬᠡᠦᠬᠡᠳ ᠲᠥᠷᠥᠭᠦᠯᠵᠦ ᠪᠤᠴᠠᠭᠠᠳ ᠶᠠᠪᠤᠬᠤ ᠠ᠋ᠴᠠ ᠪᠠᠨ ᠡᠮᠦᠨ᠎ᠡ ᠨᠠᠢᠷᠯᠠᠳᠠᠭ ᠶᠤᠮ
ᠦᠬᠦᠬᠦ ᠲᠥᠷᠥᠬᠦ ᠶ᠋ᠢᠨ ᠬᠣᠭᠣᠷᠣᠨᠳᠣ ᠬᠤᠷᠢᠮ ᠨᠠᠢᠷ ᠯᠠ ᠪᠣᠢ
ᠦᠷ᠎ᠡ ᠬᠡᠦᠬᠡᠳ ᠢ᠋ᠶ᠋ᠡᠨ ᠦᠯᠡᠳᠡᠭᠡᠭᠡᠳ ᠪᠤᠴᠠᠭᠠᠳ ᠶᠠᠪᠤᠬᠤ ᠳ᠋ᠤ᠌ ᠪᠡᠯᠡᠳᠬᠡᠳᠡᠭ ᠶᠦ᠍ᠮ
ᠠᠮᠢᠳᠤᠷᠠᠯ ᠭᠡᠳᠡᠭ ᠴᠠᠭᠠᠵᠠ ᠶ᠋ᠢᠨ ᠲᠠᠪᠴᠠᠩ ᠶᠤᠮ
ᠠᠮᠢᠳᠤ ᠶᠠᠪᠤᠭᠰᠠᠳ ᠠ᠋ᠴᠠ ᠨᠢᠭᠡ ᠴᠦ᠍ ᠦᠯᠡᠳᠡᠬᠦ ᠦᠭᠡᠢ
ᠠᠢᠯ ᠭᠡᠷ ᠪᠣᠯᠵᠤ ᠲᠣᠭᠯᠠᠬᠤ ᠭᠡᠵᠦ ᠳᠡᠯᠡᠬᠡᠢ ᠳ᠋ᠦ᠍ ᠢᠷᠡᠭᠡᠳ
ᠠᠴᠢ ᠦᠷᠡᠰ ᠢ᠋ᠶ᠋ᠡᠨ ᠦᠯᠡᠳᠡᠭᠡᠭᠡᠳ ᠰᠡᠳᠬᠢᠯ ᠨᠢ ᠬᠠᠨᠤᠳᠠᠭ ᠶᠤᠮ
ᠥᠯᠥᠭᠡᠢ ᠶ᠋ᠢᠨ ᠪᠦᠪᠡᠢ ᠪᠠᠷᠢᠭᠤᠪᠴᠢᠨ ᠤ᠋ ᠬᠣᠩᠬᠣ ᠯᠠ
ᠦᠷᠦ ᠵᠢᠷᠦᠬᠡ ᠶ᠋ᠢ ᠨᠢ ᠲᠠᠢᠪᠤᠰᠢᠷᠠᠭᠤᠯᠳᠠᠭ ᠶᠤᠮ
ᠴᠠᠭ ᠬᠤᠭᠤᠴᠠᠭ᠎ᠠ ᠥᠪᠡᠷ ᠢ᠋ᠶ᠋ᠡᠷ ᠯᠡ ᠨᠠᠮᠠᠶ᠋ᠢ ᠲᠤᠭᠤᠷᠪᠢᠵᠤ
ᠴᠠᠪ ᠴᠠᠭᠠᠨ ᠢ᠋ᠶ᠋ᠠᠷ ᠲᠡᠷᠢᠭᠦᠨ ᠢ᠋ ᠴᠢᠨᠢ ᠪᠣᠳᠣᠨ᠎ᠠ
ᠠᠯᠢ ᠡᠷᠲᠡ ᠨᠡᠬᠡᠢ ᠥᠯᠥᠭᠡᠢ ᠳ᠋ᠦ᠍ ᠤᠬᠢᠯᠠᠭᠰᠠᠨ ᠴᠢᠮᠠᠶ᠋ᠢ
ᠠᠮᠢᠳᠤ ᠦᠯᠡᠳᠡᠭᠰᠡᠳ ᠮᠣᠳᠣᠨ ᠥᠯᠥᠭᠡᠢ ᠳ᠋ᠦ᠍ ᠬᠢᠨ᠎ᠡ
ᠨᠠᠮᠤᠷ ᠤᠨ ᠪᠣᠷᠣᠭ᠎ᠠ ᠰᠢᠭ᠋ ᠬᠠᠷ᠎ᠠ ᠨᠢᠯᠪᠤᠰᠤ ᠠᠰᠬᠠᠷᠠᠭᠤᠯᠤᠭᠰᠠᠭᠠᠷ
ᠨᠠᠷᠠᠰᠤᠨ ᠠᠪᠰᠠᠨ ᠤ᠋ ᠲᠠᠭ ᠢ᠋ ᠡᠭᠦᠷᠢᠳᠡ ᠬᠠᠭᠠᠨ᠎ᠠ
ᠡᠭᠦᠪᠡᠷ ᠨᠢᠭᠡ ᠭᠠᠬᠠᠢ ᠵᠦᠴᠦᠭᠡ ᠶ᠋ᠢᠨ ᠨᠢᠭᠡ ᠦᠵᠡᠭᠳᠡᠯ ᠳᠠᠭᠤᠰᠴᠤ
ᠦᠨᠡᠨᠴᠢ ᠬᠠᠨᠢ ᠴᠢᠨᠢ ᠦᠬᠦᠯ ᠥᠪᠡᠷ ᠢ᠋ᠶ᠋ᠡᠷ ᠪᠣᠯᠤᠨ᠎ᠠ
ᠠᠮᠢᠳᠤ ᠰᠡᠷᠡᠭᠦᠨ ᠴᠠᠭ ᠲᠤ᠌ ᠪᠠᠨ ᠬᠠᠨᠤᠲᠠᠯ᠎ᠠ ᠨᠠᠢᠷᠯᠠ ᠴᠢ ᠮᠢᠨᠢ
ᠠᠯᠠᠭ᠎ᠠ ᠪᠣᠯᠤᠭᠰᠠᠨ ᠬᠣᠢᠨ᠎ᠠ ᠪᠠᠨ ᠬᠡᠨ ᠲᠡᠢ ᠪᠡᠨ ᠲᠤᠯᠭᠠᠬᠤ ᠪᠢᠯᠡ᠃
