ᠰᠦᠨᠵᠢᠳᠮ᠎ᠠ - ᠰᠠᠷᠠᠩᠭᠣᠣ᠎ᠠ -ᠮᠣᠩᠭᠣᠯ ᠠᠷᠠᠳ ᠤᠨ ᠳᠠᠭᠤᠤ Монгол ардын дуу Сүнжидмаа - Цэрэнгоо ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠨᠵᠢᠳᠮ᠎ᠠ - ᠰᠠᠷᠠᠩᠭᠣᠣ᠎ᠠ -ᠮᠣᠩᠭᠣᠯ ᠠᠷᠠᠳ ᠤᠨ ᠳᠠᠭᠤᠤ Монгол ардын дуу Сүнжидмаа - Цэрэнгоо

ᠰᠦᠨᠵᠢᠳᠮ᠎ᠠ - ᠰᠠᠷᠠᠩᠭᠣᠣ᠎ᠠ -ᠮᠣᠩᠭᠣᠯ ᠠᠷᠠᠳ ᠤᠨ ᠳᠠᠭᠤᠤ Монгол ардын дуу Сүнжидмаа - Цэрэнгоо

2024-12-19

3593

ᠰᠦᠨᠵᠢᠳᠮ᠎ᠠ

   ᠠᠷᠠᠳ ᠤ᠋ᠨ ᠳᠠᠭᠤᠤ 
   ᠳᠠᠭᠤᠴᠢᠨ᠄ ᠰᠠᠷᠠᠩᠭᠣᠣ᠎ᠠ 
ᠠᠯᠤᠰ ᠰᠢᠭ᠋ ᠭᠠᠵᠠᠷ ᠠ᠋ᠴᠠ ᠪᠠᠨ ᠵᠣᠷᠢᠭᠠᠳ ᠢᠷᠡᠯ᠎ᠡ ᠳᠠ ᠬᠥ ᠠᠢ ᠳᠠ 
ᠠᠮᠠᠷᠠᠭ ᠰᠦᠨᠵᠢᠳᠮ᠎ᠠ ᠪᠠᠨ ᠭᠡᠭᠰᠡᠭᠡᠷ ᠢᠷᠡᠯ᠎ᠡ ᠳᠠ ᠬᠥ᠁ 
ᠠᠪᠤ ᠲᠠᠢ ᠪᠠᠨ ᠪᠣᠯᠤᠭᠠᠳ ᠡᠵᠢ ᠲᠡᠢ ᠪᠡᠨ 
ᠠᠭᠠᠰᠢᠯᠠᠵᠤ ᠵᠠᠩᠨᠠᠭᠠᠳ ᠪᠠᠢᠬᠤ ᠪᠠᠷ ᠨᠢ ᠬᠥ ᠁
ᠠᠢ ᠳᠠ ᠰᠦᠨᠵᠢᠳᠮ᠎ᠠ ᠮᠢᠨᠢ ᠠ᠋ ᠬᠥ ᠁
ᠠᠢᠯ ᠢ᠋ ᠴᠢᠨᠢ ᠲᠣᠭᠣᠷᠢᠨ ᠬᠡᠰᠦᠭᠦᠴᠢᠯᠡᠵᠦ ᠶᠠᠪᠤᠭᠰᠠᠭᠠᠷ  
ᠠᠷᠪᠠ ᠭᠠᠷᠤᠢ ᠬᠣᠨᠣᠯ᠎ᠠ ᠳᠠ ᠬᠥ ᠁ 
ᠠᠢ ᠳᠠ ᠬᠥᠭᠡᠷᠦᠬᠦᠢ ᠰᠦᠨᠵᠢᠳᠮ᠎ᠠ ᠮᠢᠨᠢ ᠠ᠋  ᠬᠥ ᠁
ᠬᠣᠯᠠ ᠰᠢᠭ᠋ ᠭᠠᠵᠠᠷ ᠠ᠋ᠴᠠ ᠪᠠᠨ ᠵᠣᠷᠢᠭᠠᠳ ᠢᠷᠡᠯ᠎ᠡ ᠳᠠ ᠬᠥ ᠁
ᠬᠣᠩᠭᠣᠷ ᠰᠦᠨᠵᠢᠳᠮ᠎ᠠ ᠪᠠᠨ ᠭᠡᠭᠰᠡᠭᠡᠷ ᠢᠷᠡᠯ᠎ᠡ ᠳᠠ ᠬᠥ ᠁
ᠬᠣᠶᠠᠭᠤᠯᠠ ᠪᠣᠯᠤᠭᠠᠳ ᠭᠤᠷᠪᠠᠭᠤᠯᠠ ᠪᠠᠨ
ᠬᠣᠷᠢᠭᠯᠠᠵᠤ ᠵᠠᠩᠨᠠᠭᠠᠳ ᠪᠠᠢᠬᠤ ᠪᠠᠷ ᠨᠢ ᠬᠥ ᠁
ᠠᠢ ᠳᠠ ᠰᠦᠨᠵᠢᠳᠮ᠎ᠠ ᠮᠢᠨᠢ ᠠ᠋  ᠬᠥ ᠁
ᠬᠣᠲᠠ ᠶ᠋ᠢ ᠲᠣᠭᠣᠷᠢᠭᠠᠳ ᠬᠡᠰᠦᠭᠦᠴᠢᠯᠡᠵᠦ ᠶᠠᠪᠤᠭᠰᠠᠭᠠᠷ
ᠬᠣᠷᠢ ᠭᠠᠷᠤᠢ ᠬᠣᠨᠣᠯ᠎ᠠ ᠳᠠ ᠬᠥ ᠁
ᠠᠢ ᠳᠠ ᠬᠥᠭᠡᠷᠦᠬᠦᠢ ᠰᠦᠨᠵᠢᠳᠮ᠎ᠠ ᠮᠢᠨᠢ ᠠ᠋  ᠬᠥ ᠁
ᠠᠮᠠᠷᠠᠭ ᠤ᠋ᠨ ᠮᠠᠨᠢ ᠰᠡᠳᠬᠢᠯ ᠭᠡᠳᠡᠭ ᠴᠢᠨᠢ
ᠠᠮᠢᠳᠤ ᠮᠥᠩᠬᠡ ᠶ᠋ᠢᠨ ᠷᠠᠰᠢᠶᠠᠨ ᠶᠤᠮ ᠠ᠋ ᠬᠥ ᠁
ᠠᠪᠤ ᠯᠠ ᠡᠵᠢ ᠶ᠋ᠢᠨ ᠦᠶ᠎ᠡ ᠶ᠋ᠢ ᠵᠠᠯᠭᠠᠬᠤ
ᠠᠷᠭ᠎ᠠ ᠪᠢᠯᠢᠭ ᠦ᠋ᠨ ᠰᠤᠷᠪᠤᠯᠵᠢ ᠶᠤᠮ ᠠ᠋ ᠬᠥ ᠁

ᠠᠯᠳᠠᠩᠬᠠᠨ ᠬᠣᠮᠪᠣᠭ᠎ᠠ ᠰᠢᠭ᠋ ᠵᠢᠷᠦᠬᠡᠨ ᠦ᠌ ᠲᠣᠯᠲᠣᠨ ᠠ᠋ᠴᠠ
ᠷᠠᠰᠢᠶᠠᠨ ᠪᠤᠯᠠᠭ ᠠ᠋ᠴᠠ ᠤᠨᠳᠤᠷᠬᠤ ᠶᠤᠮ ᠳᠠ ᠬᠥ ᠁
ᠠᠢ ᠳᠠ ᠰᠦᠨᠵᠢᠳᠮ᠎ᠠ ᠮᠢᠨᠢ ᠲᠠ  ᠬᠥ᠁
ᠷᠠᠰᠢᠶᠠᠨ ᠪᠣᠯᠤᠭᠰᠠᠨ ᠠᠮᠠᠷᠠᠭ ᠤ᠋ᠨ ᠢ᠋ᠶ᠋ᠠᠨ ᠰᠢᠮ᠎ᠡ ᠶ᠋ᠢ
ᠠᠮᠲᠠᠯᠠᠨ ᠬᠣᠶᠠᠭᠤᠯᠠ ᠪᠠᠨ ᠬᠦᠷᠲᠡᠨ ᠵᠢᠷᠭᠠᠶ᠎ᠠ ᠬᠥ ᠁
ᠠᠢ ᠳᠠ ᠬᠥᠭᠡᠷᠦᠬᠦᠢ ᠰᠦᠨᠵᠢᠳᠮ᠎ᠠ ᠮᠢᠨᠢ ᠲᠠ  ᠬᠥ ᠁
  ᠦᠰᠦᠭ ᠬᠠᠲᠠᠵᠤ ᠦᠰᠦᠭ ᠠᠮᠢᠯᠠᠭᠤᠯᠤᠭᠰᠠᠨ᠄ ᠥᠨᠢᠮᠥ᠋ᠩᠬᠡ
  ᠬᠢᠨᠠᠭᠴᠢ ᠪᠠᠭᠰᠢ᠄ ᠤᠶᠠᠬᠠᠨ