ᠨᠤᠲᠤᠭ ᠤ᠋ᠨ ᠦᠷᠯᠤᠬᠡ - ᠪ᠊᠊ ᠂ ᠴᠣᠯᠮᠣᠨНутгийн өглөө-Б·Цолмон
ᠨᠤᠲᠤᠭ ᠤ᠋ᠨ ᠦᠷᠯᠤᠬᠡ
ᠪ᠊᠊ ᠂ ᠴᠣᠯᠮᠣᠨ
ᠰᠢᠪᠠᠬᠳᠤ ᠶ᠋ᠢᠨ ᠤᠷᠤᠢ ᠳ᠋ᠤ᠌ ᠪᠡᠯᠴᠢᠬᠦ
ᠰᠥᠷᠦᠭ ᠦᠬᠡᠷ ᠦᠨ ᠡᠪᠡᠷ ᠲᠦ᠍
ᠦᠨᠡᠭᠡᠨ ᠬᠠᠷᠠᠩᠭᠤᠢ ᠰᠡᠵᠢᠭᠳᠡᠵᠦ
ᠦᠤᠷ ᠦᠨ ᠭᠡᠭᠡ ᠰᠤᠪᠤᠷᠠᠨ᠎ᠠ᠃
ᠬᠣᠯᠠ ᠵᠢᠨ ᠰᠣᠨᠢᠬᠠᠨ ᠴᠢᠮᠡᠭᠡᠨ ᠳ᠋ᠦ᠍
ᠬᠣᠲᠠᠴᠢ ᠨᠣᠬᠠᠢ ᠬᠠᠶᠠ ᠬᠤᠴᠠᠯᠳᠤᠵᠤ
ᠥᠨᠢᠷ ᠲᠠᠩᠰᠤᠭ ᠨᠤᠲᠤᠭ ᠲᠤ᠌
ᠦᠷᠯᠤᠬᠡ ᠰᠠᠭᠠᠲᠠᠭᠰᠠᠨ ᠢ᠋ ᠮᠡᠳᠡᠭᠡᠯᠡᠨ᠎ᠡ᠃
ᠥᠳᠬᠡᠨ ᠰᠠᠭᠠᠯᠢ ᠵᠢᠨ ᠦᠨᠤᠷ
ᠦᠨᠢᠶᠡᠨ ᠵᠠᠯᠠᠨ ᠠ᠋ᠴᠠ ᠬᠠᠠᠬᠡᠠᠤᠯᠵᠤ
ᠢᠰᠡᠭᠡᠢ ᠴᠠᠭᠠᠨ ᠭᠡᠷ ᠡᠴᠡ
ᠢᠨᠢᠶᠡᠳᠦ ᠪᠠᠶᠠᠷ ᠦᠨ ᠠᠮᠢᠰᠬᠤᠯ ᠪᠢᠯᠠᠬᠨᠡ᠃
ᠭᠠᠩᠭᠠᠩ ᠬᠡᠭᠡᠨᠴᠡᠷ ᠪᠦᠰᠡᠭᠦᠢᠴᠦᠳ
ᠭᠠᠯ ᠲᠣᠭᠣᠭᠠᠨ ᠳ᠋ᠤ᠌ ᠶᠠᠭᠠᠷᠠᠯᠳᠤᠵᠤ
ᠦᠷᠤᠮ᠎ᠡ ᠲᠠᠢ ᠱᠠᠩᠳᠠᠭᠤᠨ ᠴᠠᠢ
ᠡᠳᠤᠷ ᠤ᠋ᠨ ᠲᠠᠮᠢᠷ ᠢ᠋ ᠨᠥᠬᠥᠨ᠎ᠡ᠃
ᠵᠦᠯᠭᠡ ᠬᠠᠯᠢᠭᠤᠷᠬᠠᠰᠠᠨ ᠲᠣᠬᠣᠢ ᠳ᠋ᠤ᠌
ᠴᠢᠳᠤᠷ ᠦᠨ ᠮᠣᠷᠢᠳ ᠳᠣᠷᠭᠢᠵᠤ
ᠵᠥᠭᠡᠯᠡᠨ ᠢᠯᠪᠢᠬᠦ ᠵᠢᠪᠠᠷ ᠲᠤ᠌
ᠣᠰᠤᠨ ᠮᠠᠨᠠᠨ ᠨᠡᠭᠦᠨ᠎ᠡ᠃
ᠪᠤᠭᠤᠷᠤᠯ ᠡᠮᠡᠭᠡ ᠵᠢᠨ ᠲᠣᠢᠭ ᠤ᠋ᠨ ᠳᠠᠭᠤᠨ
ᠤᠳᠤᠷ ᠤ᠋ᠨ ᠬᠠᠰᠢᠶᠠᠨ ᠠ᠋ᠴᠠ ᠬᠠᠩᠭᠢᠨᠠᠵᠤ
ᠪᠤᠳᠠᠷᠬᠠᠰᠠᠨ ᠰᠤᠪᠤᠦᠨ ᠰᠢᠭ ᠬᠣᠨᠢᠨ ᠰᠥᠷᠦᠭ
ᠠᠭᠤᠯᠠᠰ ᠳᠠᠮᠵᠢᠨ ᠴᠠᠢᠷᠠᠨ᠎ᠠ᠃
ᠠᠷᠭᠠᠯ ᠦᠨ ᠬᠠᠰᠢᠶᠠᠨ ᠤ᠋ ᠳᠡᠷᠭᠡᠳᠡ ᠡᠪᠤᠬᠡ ᠠᠪᠤ
ᠠᠯᠤᠰ ᠢ᠋ ᠪᠠᠷᠠᠯᠠᠨ ᠢᠨᠢᠶᠡᠮᠰᠦᠭᠯᠡᠵᠦ
ᠠᠳᠤᠭᠤ ᠪᠠᠨ ᠵᠠᠯᠬᠠᠰᠠᠨ ᠵᠠᠯᠠᠭᠤ
ᠤᠶᠠᠭᠠᠨ ᠳᠡᠭᠡᠷ᠎ᠡ ᠪᠠᠶᠠᠷᠲᠠᠢᠬᠠᠨ ᠪᠠᠭᠤᠨ᠎ᠠ᠃
ᠠᠭᠤᠵᠢᠮ ᠮᠣᠩᠭᠣᠯ ᠣᠷᠣᠨ ᠮᠢᠨᠢ
ᠠᠮᠤᠭᠤᠯᠠᠩ ᠲᠠᠢᠪᠤᠩ ᠢᠶᠡᠷ ᠮᠦᠰᠢᠶᠡᠵᠦ
ᠠᠵᠢᠯᠰᠠᠭ ᠮᠠᠯᠴᠢᠳ ᠦᠨ ᠪᠠᠶᠠᠵᠢᠯ ᠦᠨ ᠡᠬᠢᠯᠡᠯ
ᠨᠤᠲᠤᠭ ᠤ᠋ᠨ ᠦᠷᠯᠤᠬᠡ ᠲᠠᠢ ᠴᠤᠤᠷᠢᠶᠠᠲᠦᠨᠠ᠃
ᠦᠰᠦᠭ ᠠᠮᠢᠯᠠᠭᠤᠯᠤᠭᠰᠠᠨ ᠨᠢ᠄ ᠰᠠᠴᠠᠡᠭᠡᠷᠠᠯ
ᠬᠢᠨᠠᠭᠴᠢ ᠪᠠᠭᠰᠢ᠄ ᠮᠠᠨᠳᠠᠷᠠᠸ᠎ᠠ
