ᠪᠢ ᠯᠠ ᠴᠢᠮᠠᠶ᠋ᠢ ᠵᠢᠷᠤᠵᠤ ᠴᠢᠳᠠᠨ᠎ᠠ - ᠪᠠᠪᠤᠤ ᠶ᠋ᠢᠨ ᡀᠬᠠᠪᠠᠰᠥ᠋ᠷᠦᠩ Би л чамайгй зурж чадна — Бавуугийн Лхагвасүрэн
ᠪᠢ ᠯᠡ ᠴᠢᠮᠠᠶ᠋ᠢ ᠵᠢᠷᠤᠵᠤ ᠴᠢᠳᠠᠨ᠎ᠠ
ᠪᠡᠶ᠎ᠡ ᠳ᠋ᠦ᠍ ᠴᠢᠨᠢ ᠨᠢᠳᠦ ᠪᠡᠨ ᠲᠥᠷᠥᠭᠰᠡᠨ
ᠨᠢᠭᠦᠯ ᠰᠢᠭ ᠬᠤᠢᠯᠠᠷᠠᠵᠤ ᠴᠢᠮ᠎ᠠ ᠳ᠋ᠤ᠌ ᠬᠤᠷᠭᠠᠭᠰᠠᠨ
ᠨᠦᠬᠡᠨ ᠦ᠌《ᠵᠥᠭᠡᠢ》 ᠨᠦ᠍ᠭᠦᠳ ᠴᠢᠮᠠᠶ᠋ᠢ ᠵᠢᠷᠤᠵᠤ ᠴᠢᠳᠠᠬᠤ ᠦᠭᠡᠢ
ᠪᠡᠶ᠎ᠡ ᠰᠡᠳᠬᠢᠯ ᠳ᠋ᠦ᠍ ᠴᠢᠨᠢ
ᠪᠦᠲᠦᠨ ᠢ᠋ᠶ᠋ᠡᠷ ᠢ᠋ᠶ᠋ᠡᠨ ᠨᠡᠪᠴᠢᠭᠰᠡᠨ
ᠪᠢ ᠯᠡ ᠵᠢᠷᠤᠵᠤ ᠴᠢᠳᠠᠨ᠎ᠠ᠃
ᠴᠢᠮ᠎ᠠ ᠠ᠋ᠴᠠ — ᠬᠣᠷᠸ᠎ᠠ ᠶ᠋ᠢᠨ ᠭᠤᠸ᠎ᠠ ᠰᠠᠢᠬᠠᠨ ᠢ᠋ ᠡᠬᠢᠯᠡᠭᠦᠯᠵᠦ
ᠴᠢᠮ᠎ᠠ ᠳᠡᠭᠡᠷ᠎ᠡ — ᠬᠣᠷᠸ᠎ᠠ ᠶ᠋ᠢᠨ ᠭᠤᠸ᠎ᠠ ᠰᠠᠢᠬᠠᠨ ᠢ᠋ ᠳᠠᠭᠤᠰᠬᠠᠵᠤ
ᠴᠢᠮᠠᠶ᠋ᠢ ᠪᠢ ᠯᠡ ᠵᠢᠷᠤᠵᠤ ᠴᠢᠳᠠᠨ᠎ᠠ᠃
ᠵᠢᠷᠦᠬᠡᠨ ᠦ᠌ ᠪᠡᠨ ᠴᠢᠰᠤ ᠶ᠋ᠢ
ᠵᠡᠭᠦᠳᠦᠨ ᠦ᠌ ᠪᠡᠨ ᠭᠡᠭᠡ ᠪᠡᠷ ᠵᠢᠭᠤᠷᠠᠵᠤ
ᠣᠳᠣᠳ ᠢ᠋ ᠨᠤᠨᠲᠠᠭᠯᠠᠵᠤ
ᠰᠠᠷᠠᠨ ᠤ᠋ ᠲᠤᠶᠠᠭ᠎ᠠ ᠪᠠᠷ ᠰᠢᠩᠭᠡᠯᠡᠵᠦ
ᠠᠭᠤᠯᠠᠨ ᠳ᠋ᠤ᠌ ᠪᠢᠷ ᠢ᠋ᠶ᠋ᠡᠨ ᠨᠡᠢᠯᠡᠵᠦ
ᠤᠰᠤᠨ ᠤ᠋ ᠲᠤᠩᠭᠠᠯᠠᠭ ᠲᠤ ᠲᠥᠷᠥᠵᠦ
ᠪᠢ ᠯᠡ ᠴᠢᠮᠠᠶ᠋ᠢ ᠵᠢᠷᠤᠵᠤ ᠴᠢᠳᠠᠨ᠎ᠠ᠃
ᠴᠢᠨᠦ ᠬᠠᠴᠠᠷ ᠠ᠋ᠴᠠ ᠦᠦᠷ ᠦ᠋ᠨ ᠲᠤᠶᠠᠭ᠎ᠠ ᠶ᠋ᠢ ᠡᠬᠢᠯᠡᠭᠦᠯᠵᠦ
ᠴᠢᠮ᠎ᠠ ᠳᠡᠭᠡᠷ᠎ᠡ ᠨᠠᠷᠠ ᠵᠢᠷᠭᠠᠬᠤ ᠪᠠᠨ ᠮᠠᠷᠲᠠᠭᠰᠠᠨ ᠢ᠋ᠶ᠋ᠠᠷ
ᠪᠢ ᠯᠡ ᠴᠢᠮᠠᠶ᠋ᠢ ᠵᠢᠷᠤᠵᠤ ᠴᠢᠳᠠᠨ᠎ᠠ᠃
ᠬᠠᠲᠤᠨ ᠪᠥᠷᠲᠡ ᠶ᠋ᠢᠨ ᠬᠠᠴᠠᠷ ᠰᠢᠭ᠋
ᠴᠠᠭᠠᠨ ᠴᠠᠭᠠᠰᠤᠨ ᠳᠡᠭᠡᠷ᠎ᠡ
ᠬᠠᠭᠠᠨ ᠲᠠᠮᠠᠭ᠎ᠠ ᠰᠢᠭ᠋ ᠤᠷᠤᠭᠤᠯ ᠴᠢᠨᠢ
ᠬᠠᠢᠷᠠᠲᠠᠢ ᠰᠢᠦ! ᠭᠡᠵᠦ ᠥᠮᠥᠯᠵᠡᠵᠦ ᠪᠠᠢᠭ᠎ᠠ ᠪᠠᠷ
ᠪᠢ ᠯᠡ ᠴᠢᠮᠠᠶ᠋ᠢ ᠵᠢᠷᠤᠵᠤ ᠴᠢᠳᠠᠨ᠎ᠠ᠁
ᠵᠢᠷᠭᠠᠯ ᠵᠣᠪᠠᠯᠠᠩ ᠬᠣᠶᠠᠷ ᠤ᠋ᠨ
ᠬᠠᠷ᠎ᠠ ᠴᠠᠭᠠᠨ ᠳᠡᠪᠢᠰᠬᠡᠷ ᠳᠡᠭᠡᠷ᠎ᠡ
ᠵᠢᠮᠢᠢᠭᠰᠡᠨ ᠪᠤᠷᠬᠠᠨ ᠳᠠᠭᠤ ᠠᠯᠳᠠᠬᠤ ᠪᠠᠷ
ᠬᠠᠷᠠᠭᠰᠠᠨ ᠪᠣᠯᠭᠠᠨ《ᠪᠦᠳᠦᠷᠢᠭᠰᠡᠨ》 ᠬᠥᠷᠥᠭ ᠪᠦᠲᠦᠭᠡᠨ᠎ᠡ᠃
ᠪᠢ ᠯᠡ ᠴᠢᠮᠠᠶ᠋ᠢ ᠵᠢᠷᠤᠵᠤ ᠴᠢᠳᠠᠨ᠎ᠠ᠃
ᠲᠡᠭᠡᠭᠡᠳ ᠪᠢ
ᠲᠩᠷᠢ ᠶ᠋ᠢᠨ ᠲᠠᠭᠠᠰᠢᠶᠠᠯ ᠳ᠋ᠤ᠌ ᠲᠠᠪᠠᠷᠠᠵᠤ
ᠲᠡᠷᠡ ᠴᠢᠭ ᠢ᠋ᠶ᠋ᠡᠷ ᠢ᠋ᠶ᠋ᠡᠨ ᠳᠠᠪᠠᠷᠠᠵᠤ
ᠴᠢᠨᠦᠷᠡᠵᠦ ᠠᠩᠭᠢᠷᠯᠠᠭᠰᠠᠨ ᠰᠦ ᠲᠡᠢ
ᠴᠢᠨᠦ ᠰᠡᠳᠬᠢᠯ ᠦ᠋ᠨ ᠥᠩᠭᠡ ᠪᠡᠷ
ᠡᠨᠡ ᠣᠷᠴᠢᠯᠠᠩ ᠢ᠋ ᠪᠣᠳᠣᠨ᠎ᠠ᠁
2001 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
