ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 9 Нэгэн ном тавцан үн өдөр үн тэмдэглэлээс – 9 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 9 Нэгэн ном тавцан үн өдөр үн тэмдэглэлээс – 9

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 9 Нэгэн ном тавцан үн өдөр үн тэмдэглэлээс – 9

2024-12-18

347



       ᠪᠠᠢᠭᠠᠯᠢ ᠶ᠋ᠢᠨ ᠰᠢᠨᠵᠢᠯᠡᠬᠦ ᠤᠬᠠᠭᠠᠨ ᠰᠤᠷᠤᠭᠰᠠᠨ ᠨᠢᠭᠡᠨ ᠬᠥᠮᠦᠨ ᠪᠦᠰᠡᠭᠦᠢ ᠲᠡᠢ ᠪᠡᠨ ᠮᠠᠰᠢ ᠵᠢᠷᠭᠠᠯᠲᠠᠢ ᠠᠮᠢᠳᠤᠷᠠᠵᠤ ᠪᠠᠢᠵᠠᠢ᠃ ᠭᠡᠪᠡᠴᠦ ᠡᠳᠦᠷ ᠦ᠋ᠨ ᠤᠳᠠᠭᠠᠨ ᠳ᠋ᠤ᠌ ᠪᠦᠰᠡᠭᠦᠢ ᠨᠢ ᠨᠥᠬᠥᠷ ᠡᠴᠡ ᠪᠡᠨ ᠤᠢᠳᠴᠤ ᠡᠬᠢᠯᠡᠵᠡᠢ᠃ ᠶᠠᠭᠠᠬᠢᠭᠠᠳ ᠭᠡᠪᠡᠯ᠂ ᠪᠠᠢᠩᠭᠤ ᠰᠤᠳᠤᠯᠭᠠᠨ ᠳ᠋ᠤ᠌ ᠰᠢᠮᠳᠠᠭᠰᠠᠨ ᠨᠥᠬᠥᠷ ᠨᠢ ᠡᠳᠦᠷᠵᠢᠨ ᠳᠤᠭᠤᠢ ᠲᠦᠩᠰᠦᠭᠡᠷ ᠴᠢᠷᠠᠢᠯᠠᠭᠠᠳ᠂ ᠭᠠᠭᠴᠠ ᠤᠳᠠᠭ᠎ᠠ ᠴᠤ᠌ ᠰᠡᠳᠬᠢᠯ ᠰᠡᠷᠭᠦᠭᠡᠨ ᠨᠠᠭᠠᠳᠴᠤ ᠨᠠᠷᠭᠢᠬᠤ ᠦᠭᠡᠢ᠂《ᠬᠠᠢᠷᠠᠲᠠᠢ᠂ ᠳᠤᠷᠠᠲᠠᠢ》 ᠭᠡᠵᠦ ᠬᠡᠯᠡᠬᠦ ᠴᠤ᠌ ᠦᠭᠡᠢ ᠪᠠᠢᠳᠠᠭ ᠨᠢ ᠪᠦᠰᠡᠭᠦᠢ ᠶ᠋ᠢᠨ ᠰᠡᠳᠬᠢᠯ ᠢ᠋ ᠠᠰᠤᠷᠤ ᠬᠥᠷᠥᠭᠡᠵᠡᠢ᠃ ᠡᠢᠨ ᠬᠦ᠌ ᠨᠢᠭᠡ ᠡᠳᠦᠷ ᠪᠦᠰᠡᠭᠦᠢ ᠨᠢ᠄《ᠬᠣᠶᠠᠭᠤᠯᠠ ᠪᠠᠨ ᠬᠠᠰᠢ ᠯᠠ ᠵᠠᠮ ᠵᠠᠮ ᠢ᠋ᠶ᠋ᠠᠨ ᠬᠥᠭᠡᠭᠡᠶ᠎ᠡ》 ᠭᠡᠰᠡᠨ ᠶᠦᠮ ᠪᠠᠢᠨ᠎ᠠ᠃ ᠮᠠᠨ ᠤ᠋ ᠡᠷ᠎ᠡ ᠮᠥᠨ ᠯᠡ ᠲᠣᠪ ᠳᠤᠭᠤᠢ ᠲᠠᠮᠠᠬᠢ ᠪᠠᠨ ᠲᠠᠲᠠᠭᠰᠠᠭᠠᠷ᠄《ᠶᠠᠭᠠᠬᠢᠪᠠᠯ ᠴᠢ ᠨᠠᠳᠠ ᠠ᠋ᠴᠠ ᠰᠠᠯᠬᠤ ᠦᠭᠡᠢ ᠶᠦᠮ ᠪᠣᠢ?》 ᠭᠡᠵᠦ ᠯᠡ ᠠᠰᠠᠭᠤᠭᠰᠠᠨ ᠭᠡᠨ᠎ᠡ᠃ ᠨᠢᠭᠡᠨᠲᠡ ᠪᠦᠬᠦ ᠡᠷᠡᠮᠡᠯᠵᠡᠯ ᠢ᠋ᠶ᠋ᠡᠨ ᠠᠯᠳᠠᠭᠰᠠᠨ ᠪᠦᠰᠡᠭᠦᠢ ᠨᠢ ᠳᠤᠷ᠎ᠠ ᠲᠠᠢ ᠳᠤᠷ᠎ᠠ ᠦᠭᠡᠢ᠄《ᠪᠢ ᠴᠢᠮ᠎ᠠ ᠠ᠋ᠴᠠ ᠨᠢᠭᠡ ᠶᠠᠭᠤᠮ᠎ᠠ ᠠᠰᠠᠭᠤᠶ᠎ᠠ᠂ ᠴᠢ ᠨᠠᠳᠠ ᠳ᠋ᠤ᠌ ᠬᠠᠩᠭᠠᠮᠵᠢᠲᠠᠢ ᠬᠠᠷᠢᠭᠤᠯᠲᠠ ᠥᠭᠴᠦ ᠴᠢᠳᠠᠪᠠᠯ ᠪᠢ ᠪᠣᠳᠣᠯᠬᠢᠯᠠᠵᠤ ᠦᠵᠡᠶ᠎ᠡ》 ᠭᠡᠵᠡᠢ᠃ ᠮᠠᠨ ᠤ᠋ ᠡᠷ᠎ᠡ ᠰᠠᠶᠢ ᠨᠢᠭᠡ ᠰᠡᠭᠡᠭᠡ ᠣᠷᠣᠭᠰᠠᠨ ᠰᠢᠭ᠋ ᠲᠠᠮᠠᠬᠢ ᠪᠠᠨ ᠤᠨᠲᠠᠷᠠᠭᠠᠭᠠᠳ᠄《ᠪᠣᠯᠤᠨ᠎ᠠ᠂ ᠶᠠᠭᠤ ᠪᠣᠢ? 》 ᠭᠡᠬᠦ ᠪᠡᠷ ᠪᠦᠰᠡᠭᠦᠢ ᠨᠢ᠄《ᠮᠠᠰᠢ ᠥᠨᠳᠥᠷ ᠬᠠᠯᠢᠯ ᠬᠠᠳᠠᠨ ᠤ᠋ ᠢᠷᠮᠡᠭ ᠳᠡᠭᠡᠷ᠎ᠡ ᠸᠠᠩᠰᠡᠮᠪᠡᠷᠦ ᠴᠡᠴᠡᠭ ᠤᠷᠭᠤᠭᠰᠠᠨ ᠪᠠᠢᠪᠠᠯ ᠴᠢ ᠶᠠᠮᠠᠷ ᠠᠶᠤᠯ ᠲᠠᠢ ᠪᠠᠢᠭᠰᠠᠨ ᠴᠤ᠌ ᠨᠠᠳᠠ ᠳ᠋ᠤ᠌ ᠲᠡᠭᠦᠵᠦ ᠥᠭᠬᠦ ᠤᠤ? 》 ᠭᠡᠵᠦ ᠶᠡᠬᠡ ᠰᠢᠨᠠᠯᠭᠠᠯ ᠲᠠᠢ ᠰᠡᠳᠦᠪ ᠲᠤᠯᠭᠠᠵᠠᠢ᠃ ᠮᠠᠨ ᠤ᠋ ᠡᠷ᠎ᠡ ᠪᠠᠷᠢᠨ ᠳᠣᠣᠷ᠎ᠠ ᠪᠠᠨ ᠬᠠᠷᠢᠭᠤᠯᠤᠭᠰᠠᠨ ᠦᠭᠡᠢ ᠬᠠᠷᠢᠨ᠄《ᠪᠢ ᠥᠷᠯᠥᠭᠡ ᠬᠠᠷᠢᠭᠤᠯᠲᠠ ᠥᠭᠭᠦᠶ᠎ᠡ ᠯᠡ ᠳᠡ!》 ᠭᠡᠳ ᠤᠨᠲᠠᠴᠢᠬᠠᠵᠠᠢ᠃ ᠪᠦᠰᠡᠭᠦᠢ ᠨᠢ ᠭᠣᠷᠢ ᠲᠠᠰᠤᠷᠠᠬᠤ ᠶ᠋ᠢᠨ ᠲᠤᠢᠯ ᠪᠣᠯᠵᠤ ᠦᠦᠷ ᠴᠠᠢᠮᠠᠭᠴᠠ ᠶᠠᠪᠤᠬᠤ ᠪᠠᠷ ᠰᠢᠢᠳᠴᠦ᠂ ᠨᠢᠭᠡ ᠮᠡᠳᠡᠬᠦ ᠳ᠋ᠦ᠍ ᠥᠷᠯᠥᠭᠡ ᠪᠣᠯᠴᠢᠬᠠᠭᠰᠠᠨ᠂ ᠨᠥᠬᠥᠷ ᠨᠢ ᠡᠵᠡᠭᠦᠢ ᠪᠠᠢᠯ᠎ᠠ᠃《ᠮᠠᠨ ᠤ᠋ ᠲᠡᠨᠡᠭ ᠴᠢᠨᠢ ᠠᠷᠠᠢ ᠴᠡᠴᠡᠭ ᠲᠡᠭᠦᠬᠦ ᠪᠡᠷ ᠶᠠᠪᠤᠴᠢᠬᠠᠭᠰᠠᠨ ᠪᠢᠰᠢ ᠪᠢᠵᠡ?》 ᠭᠡᠵᠦ ᠨᠠᠭᠠᠰᠢ ᠴᠠᠭᠠᠰᠢ ᠬᠠᠷᠠᠪᠠᠯ ᠰᠢᠷᠡᠭᠡᠨ ᠳᠡᠭᠡᠷ᠎ᠡ ᠵᠠᠬᠢᠶ᠎ᠠ ᠦᠯᠡᠳᠡᠭᠡᠭᠰᠡᠨ ᠪᠠᠢᠨ᠎ᠠ ᠭᠡᠨ᠎ᠡ᠃《ᠬᠠᠢᠷᠠᠲᠤ ᠮᠢᠨᠢ᠂ ᠪᠢ ᠶᠠᠭᠠᠬᠢᠭᠰᠠᠨ ᠴᠤ᠌ ᠲᠡᠷᠡ ᠴᠡᠴᠡᠭ ᠢ᠋ ᠲᠡᠭᠦᠬᠦ ᠪᠡᠷ ᠶᠠᠪᠤᠬᠤ ᠦᠭᠡᠢ᠁》 ᠭᠡᠵᠦ ᠡᠬᠢᠯᠡᠭᠰᠡᠨ ᠵᠠᠬᠢᠳᠠᠯ ᠢ᠋ ᠪᠦᠰᠡᠭᠦᠢ ᠤᠩᠰᠢᠩᠭᠤᠲᠠ ᠳᠤᠷ᠎ᠠ ᠦᠭᠡᠢ ᠨᠢ ᠬᠦᠷᠪᠡ᠃ ᠴᠠᠭᠠᠰᠢ ᠨᠢ ᠤᠩᠰᠢᠪᠠᠯ᠄《ᠬᠠᠢᠷᠠᠲᠤ ᠮᠢᠨᠢ᠂ ᠴᠢ ᠬᠡᠵᠢᠶᠡᠳᠡ ᠺᠣᠮᠫᠢᠦ᠋ᠲ᠋ᠧᠷ ᠢ᠋ᠶ᠋ᠡᠷ ᠲᠣᠭᠯᠠᠨ᠎ᠠ᠃ ᠬᠠᠷᠢᠨ ᠮᠠᠰᠢᠨ ᠡᠪᠳᠡᠷᠡᠴᠢᠬᠡᠪᠡᠯ ᠪᠢ ᠯᠡ ᠴᠢᠮ᠎ᠠ ᠳ᠋ᠤ᠌ ᠵᠠᠰᠠᠵᠤ ᠥᠭᠬᠦ ᠬᠡᠷᠡᠭᠲᠡᠢ᠃ ᠴᠢ ᠪᠠᠢᠩᠭᠤ ᠲᠦᠯᠬᠢᠭᠦᠷ ᠢ᠋ᠶ᠋ᠡᠨ ᠮᠠᠷᠲᠠᠨ᠎ᠠ᠂ ᠪᠢ ᠬᠡᠵᠢᠶᠡᠳᠡ ᠢᠯᠡᠭᠦᠦ ᠲᠦᠯᠬᠢᠭᠦᠷ ᠪᠡᠯᠡᠳᠬᠡᠵᠦ ᠪᠠᠢᠬᠤ ᠬᠡᠷᠡᠭᠲᠡᠢ᠃ ᠴᠢ ᠠᠮᠠᠷᠬᠠᠨ ᠬᠢᠮᠤᠷᠠᠨ᠎ᠠ᠃ ᠪᠢ ᠵᠠᠪᠠᠯ ᠳᠡᠷᠭᠡᠳᠡ ᠴᠢᠨᠢ ᠪᠠᠢᠵᠤ ᠠᠰᠠᠷᠠᠬᠤ ᠬᠡᠷᠡᠭᠲᠡᠢ᠂ ᠪᠢ ᠬᠢᠮᠤᠰᠤ ᠶ᠋ᠢ ᠴᠢᠨᠢ ᠵᠠᠰᠠᠵᠤ᠂ ᠭᠡᠵᠢᠭᠡ ᠶ᠋ᠢ ᠴᠢᠨᠢ ᠰᠠᠮᠨᠠᠵᠤ ᠥᠭᠬᠦ ᠶ᠋ᠢᠨ ᠲᠥᠯᠥᠭᠡ ᠵᠠᠪᠠᠯ ᠴᠢᠮ᠎ᠠ ᠲᠠᠢ ᠬᠠᠮᠲᠤ ᠠᠮᠢᠳᠤᠷᠠᠬᠤ ᠬᠡᠷᠡᠭᠲᠡᠢ᠃ ᠡᠨᠡ ᠪᠦᠬᠦᠨ ᠦ᠌ ᠲᠥᠯᠥᠭᠡ ᠪᠢ ᠶᠠᠭᠠᠬᠢᠭᠰᠠᠨ ᠴᠤ᠌ ᠴᠡᠴᠡᠭ ᠲᠡᠭᠦᠬᠦ ᠪᠡᠷ ᠶᠠᠪᠤᠵᠤ ᠪᠣᠯᠬᠤ ᠦᠭᠡᠢ᠃ ᠭᠡᠪᠡᠴᠦ ᠬᠡᠵᠢᠶ᠎ᠡ ᠨᠢᠭᠡ ᠡᠳᠦᠷ ᠴᠢᠮᠠᠶ᠋ᠢ ᠨᠠᠳᠠ ᠠ᠋ᠴᠠ ᠢᠯᠡᠭᠦᠦ ᠬᠠᠢᠷᠠᠯᠠᠵᠤ ᠴᠢᠳᠠᠬᠤ ᠬᠥᠮᠦᠨ ᠲᠣᠬᠢᠶᠠᠯᠳᠤᠪᠠᠯ ᠪᠢ ᠯᠠᠪ ᠴᠡᠴᠡᠭ ᠲᠡᠭᠦᠬᠦ ᠪᠡᠷ ᠶᠠᠪᠤᠨ᠎ᠠ᠁》 ᠭᠡᠵᠦ ᠦᠷᠭᠦᠯᠵᠢᠯᠡᠨ ᠪᠢᠴᠢᠭᠰᠡᠨ ᠠᠵᠠᠢ᠃ ᠪᠦᠰᠡᠭᠦᠢ ᠶ᠋ᠢᠨ ᠰᠡᠳᠬᠢᠯ ᠤᠷᠢᠳᠤ ᠪᠠᠢᠭ᠎ᠠ ᠦᠭᠡᠢ ᠳᠣᠭᠳᠣᠯᠵᠤ ᠨᠢᠯᠪᠤᠰᠤ ᠨᠢ ᠥᠪᠡᠷ ᠦ᠋ᠨ ᠡᠷᠬᠡ ᠦᠭᠡᠢ ᠵᠠᠬᠢᠳᠠᠯ ᠤ᠋ᠨ ᠴᠠᠭᠠᠰᠤ ᠴᠣᠬᠣᠷᠯᠠᠨ ᠲᠣᠰᠣᠯᠠᠯ᠎ᠠ᠃《ᠬᠠᠢᠷᠠᠲᠤ ᠮᠢᠨᠢ! ᠬᠡᠷᠪᠡ ᠴᠢ ᠮᠢᠨᠦ ᠬᠠᠷᠢᠭᠤᠯᠲᠠ ᠶ᠋ᠢ ᠬᠠᠩᠭᠠᠮᠵᠢᠲᠠᠢ ᠭᠡᠵᠦ ᠪᠣᠳᠣᠪᠠᠯ ᠡᠭᠦᠳᠡ ᠪᠡᠨ ᠨᠡᠬᠡᠭᠡᠷᠡᠢ᠃ ᠪᠢ ᠴᠢᠨᠦ ᠢᠳᠡᠬᠦ ᠳᠤᠷᠠᠲᠠᠢ ᠪᠤᠭᠤᠷᠴᠤᠭ ᠢ᠋ ᠴᠢᠨᠢ ᠠᠪᠤᠭᠠᠳ ᠭᠠᠳᠠᠨ᠎ᠠ ᠵᠣᠭᠰᠣᠵᠤ ᠪᠠᠢᠨ᠎ᠠ》 ᠭᠡᠵᠦ ᠲᠡᠭᠦᠰᠬᠡᠭᠰᠡᠨ ᠢ᠋ ᠪᠦᠰᠡᠭᠦᠢ ᠨᠢ ᠤᠩᠰᠢᠵᠤ ᠪᠠᠷᠠᠮᠠᠭᠴᠠ ᠡᠭᠦᠳᠡ ᠪᠡᠨ ᠨᠡᠭᠡᠭᠡᠪᠡᠯ ᠮᠠᠨ ᠤ᠋ ᠰᠠᠢᠨ ᠡᠷ᠎ᠡ ᠨᠢᠭᠡ ᠶᠡᠬᠡ ᠬᠤᠯᠴᠢᠭᠠᠷ ᠴᠢᠷᠠᠢᠯᠠᠨ ᠵᠣᠭᠰᠣᠵᠤ ᠪᠠᠢᠪᠠ᠃ ᠮᠡᠳᠡᠭᠡᠵᠢ ᠲᠡᠭᠦᠨ ᠡᠴᠡ ᠬᠣᠢᠰᠢ ᠲᠡᠷᠡ ᠬᠣᠶᠠᠭᠤᠯᠠ ᠶ᠋ᠢᠨ ᠠᠮᠢᠳᠤᠷᠠᠯ ᠠᠵᠠ ᠵᠢᠷᠭᠠᠯ ᠲᠠᠢ ᠪᠣᠯᠤᠭᠰᠠᠨ ᠭᠡᠨ᠎ᠡ᠃ 


      ᠦᠰᠦᠭ ᠠᠮᠢᠯᠠᠭᠤᠯᠤᠭᠴᠢ᠄ ᠡᠩᠬᠡᠪᠠᠲᠤ 
        ᠦᠰᠦᠭ ᠬᠢᠨᠠᠭᠴᠢ᠄ ᠪᠠᠶᠠᠷᠴᠡᠴᠡᠭ