ᠬᠥᠨᠳᠡᠭᠦᠷ ᠶᠡᠬᠡᠲᠡᠢ ᠳᠡᠭᠡᠳᠦ ᠨᠡᠢᠰᠯᠡᠯ – ᠰᠡᠴᠡᠨᠪᠢᠯᠢᠭ Хөндүүр ихтэй дээд нийслэл – Цэцэнбилэг ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠨᠳᠡᠭᠦᠷ ᠶᠡᠬᠡᠲᠡᠢ ᠳᠡᠭᠡᠳᠦ ᠨᠡᠢᠰᠯᠡᠯ – ᠰᠡᠴᠡᠨᠪᠢᠯᠢᠭ Хөндүүр ихтэй дээд нийслэл – Цэцэнбилэг

ᠬᠥᠨᠳᠡᠭᠦᠷ ᠶᠡᠬᠡᠲᠡᠢ ᠳᠡᠭᠡᠳᠦ ᠨᠡᠢᠰᠯᠡᠯ – ᠰᠡᠴᠡᠨᠪᠢᠯᠢᠭ Хөндүүр ихтэй дээд нийслэл – Цэцэнбилэг

ᠠᠩᠭᠢᠯᠠᠯ:ᠲᠤᠭᠤᠵᠢ ᠷᠣᠮᠠᠨ
2024-12-18

1636


       ᠳᠡᠭᠡᠳᠦ ᠨᠡᠢᠰᠯᠡᠯ! ᠲᠡᠦᠬᠡ ᠶ᠋ᠢᠨ ᠬᠥᠬᠡ ᠮᠠᠨᠠᠨ ᠲᠠᠲᠠᠭᠠᠳ ᠶᠠᠭᠤ ᠴᠤ᠌ ᠬᠠᠷᠠᠭᠳᠠᠬᠤ ᠦᠭᠡᠢ᠃ ᠬᠠᠷᠠᠭᠳᠠᠬᠤ ᠠ᠋ᠴᠠ ᠪᠠᠯᠠᠷᠠᠭᠰᠠᠨ ᠬᠣᠲᠠ᠂ ᠮᠥᠬᠥᠭᠰᠡᠨ ᠲᠥᠷᠥ᠂ ᠬᠡᠯᠲᠡᠷᠬᠡᠢ ᠸᠠᠭᠠᠷ᠂ ᠡᠮᠲᠡᠷᠬᠡᠢ ᠲᠣᠭᠣᠰᠬ᠎ᠠ ᠁ ᠮᠠᠨᠠᠢᠬᠢᠨ ᠰᠡᠳᠬᠢᠯ ᠬᠦᠨᠳᠦ᠂ ᠡᠪᠡᠷ ᠢ᠋ᠶ᠋ᠡᠨ ᠴᠣᠬᠢᠭᠤᠯᠤᠭᠰᠠᠨ ᠦᠬᠡᠷ ᠰᠢᠭ ᠨᠢᠭᠡ ᠨᠢᠭᠡ ᠪᠡᠷ ᠢ᠋ᠶ᠋ᠡᠨ ᠨᠢᠳᠦ ᠨᠢ ᠵᠥᠭᠡᠯᠡᠷᠡᠭᠡᠳ ᠬᠥᠭᠡᠷᠦᠬᠦᠢ! ᠬᠥᠨᠳᠡᠭᠦᠷ ᠶᠡᠬᠡᠲᠡᠢ ᠳᠡᠭᠡᠳᠦ ᠨᠡᠢᠰᠯᠡᠯ ᠰᠡᠳᠬᠢᠯᠭᠡ ᠭᠦᠨ ᠲᠡᠢ ᠵᠣᠬᠢᠶᠠᠯᠴᠢᠳ ᠤ᠋ᠨ ᠮᠢᠨᠢ ᠨᠥᠯᠥᠭᠡᠯᠡᠬᠦ ᠶ᠋ᠢ ᠶᠠᠭᠠᠬᠢᠯᠲᠠᠢ ᠪᠢᠯᠡ? ᠮᠢᠨᠦ ᠰᠡᠳᠬᠢᠯ ᠨᠡᠩ ᠬᠦᠨᠳᠦ ᠤᠴᠢᠷ ᠨᠢ ᠪᠢ ᠡᠨᠡ ᠨᠤᠲᠤᠭ ᠳᠡᠭᠡᠷ᠎ᠡ ᠤᠨᠠᠭᠰᠠᠨ ᠬᠥᠮᠦᠨ᠃ ᠮᠣᠩᠭᠣᠯ ᠤ᠋ᠨ ᠮᠢᠨᠢ ᠲᠥᠪ ᠨᠡᠢᠰᠯᠡᠯ᠂ ᠰᠣᠶᠣᠯ ᠤ᠋ᠨ ᠮᠢᠨᠢ ᠲᠥᠪ ᠭᠣᠯᠣᠮᠲᠠ᠂ ᠬᠡᠯᠡᠨ ᠦ᠌ ᠮᠢᠨᠢ ᠲᠥᠪ ᠪᠠᠷᠢᠮᠵᠢᠶ᠎ᠠ ᠂ ᠰᠢᠯᠦᠭ ᠦ᠋ᠨ ᠮᠢᠨᠢ ᠲᠥᠪ ᠰᠠᠭᠤᠷᠢᠯᠠᠭᠴᠢ ᠨᠠᠮ᠎ᠠ ᠶ᠋ᠢ ᠬᠥᠮᠦᠨ ᠪᠣᠯᠭᠠᠵᠤ ᠲᠠᠯᠪᠢᠭᠰᠠᠨ ᠃ ᠪᠢ ᠨᠤᠲᠤᠭ ᠢ᠋ᠶ᠋ᠠᠨ ᠮᠡᠳᠡᠨ᠎ᠡ᠂ ᠳᠡᠭᠡᠳᠦᠰ ᠢ᠋ᠶ᠋ᠡᠨ ᠮᠡᠳᠡᠷᠡᠨ᠎ᠡ᠂ ᠳᠡᠭᠡᠳᠦ ᠨᠡᠢᠰᠯᠡᠯ ᠢ᠋ᠶ᠋ᠡᠨ ᠲᠠᠨᠢᠨ᠎ᠠ ᠠ᠋ ! ᠣᠷᠳᠣᠨ ᠳ᠋ᠤ᠌ ᠨᠢ ᠰᠠᠢᠳ ᠪᠣᠯᠵᠤ ᠰᠠᠭᠠᠲᠠᠬᠤ ᠦᠭᠡᠢ ᠴᠦ᠍ ᠡᠭᠦᠳᠡᠨ ᠳ᠋ᠦ᠍ ᠨᠢ ᠬᠤᠶᠠᠭ ᠪᠣᠯᠵᠤ ᠵᠦᠳᠡᠷᠡᠭᠰᠡᠨ ᠦᠭᠡᠢ ᠬᠣᠵᠢᠭᠤ ᠲᠥᠷᠥᠭᠰᠡᠨ ᠳ᠋ᠦ᠍ ᠪᠡᠨ ᠶᠡᠬᠡ ᠬᠠᠷᠠᠰᠠᠳᠠᠭ ᠶᠤᠮ᠃ ᠪᠢ ᠡᠨᠳᠡ ᠣᠯᠠᠨ ᠢᠷᠡᠭᠰᠡᠨ᠂ ᠢᠷᠡᠬᠦ ᠪᠣᠯᠭᠠᠨ ᠳᠣᠲᠣᠷ᠎ᠠ ᠬᠦᠨᠳᠦᠷᠡᠳᠡᠭ ᠠᠲᠠᠯ᠎ᠠ ᠪᠤᠴᠠᠬᠤ ᠪᠣᠯᠭᠠᠨ ᠲᠠᠷᠢᠬᠢ ᠮᠢᠨᠢ ᠬᠥᠩᠭᠡᠷᠡᠳᠡᠭ ᠦ᠋ᠨ ᠤᠴᠢᠷ᠂ ᠪᠢ ᠢᠷᠡᠬᠦ ᠳᠤᠷᠠᠲᠠᠢ! ᠡᠨᠡ ᠤᠳᠠᠭ᠎ᠠ ᠪᠢ ᠵᠣᠬᠢᠶᠠᠯᠴᠢᠳ ᠲᠠᠢ ᠪᠠᠨ ᠢᠷᠡᠭᠰᠡᠨ᠂ ᠬᠡᠦᠬᠡᠨ ᠲᠡᠢ ᠪᠡᠨ ᠢᠷᠡᠭᠰᠡᠨ᠂ ᠬᠡᠦᠬᠡᠨ ᠢ᠋ᠶ᠋ᠡᠨ ᠳᠡᠭᠡᠳᠦ ᠨᠡᠢᠰᠯᠡᠯ ᠢ᠋ ᠲᠣᠭᠣᠷᠢᠭᠤᠯᠤᠶ᠎ᠠ ᠭᠡᠵᠦ ᠳᠠᠭᠠᠭᠤᠯᠵᠤ ᠢᠷᠡᠭᠰᠡᠨ ᠠ᠋᠃ 
       ᠪᠢᠳᠡ ᠭᠠᠨᠲᠢᠭ ᠴᠠᠭᠠᠨ ᠲᠠᠢᠯᠪᠤᠷᠢ ᠬᠥᠰᠢᠭᠡᠨ ᠦ᠌ ᠡᠮᠦᠨ᠎ᠡ ᠬᠣᠯᠠ ᠶ᠋ᠢ ᠪᠠᠷᠠᠭᠠᠯᠠᠨ ᠴᠢᠩᠨᠠᠨ ᠵᠣᠭᠰᠣᠵᠠᠭᠠᠪᠠ᠃ ᠮᠠᠨᠤᠰ ᠴᠢᠨᠢ ᠨᠡᠢᠰᠯᠡᠯ ᠲᠡᠢ ᠤᠯᠤᠰ ᠪᠠᠢᠵᠤ ᠰᠢᠦ᠃ ᠭᠡᠲᠡᠯ᠎ᠡ ᠨᠡᠢᠰᠯᠡᠯ ᠮᠢᠨᠢ ᠨᠢᠭᠤᠷ ᠥᠭᠬᠦ ᠦᠭᠡᠢ ᠭᠣᠯᠣᠴᠢᠬᠠᠭᠠᠳ ᠤᠤ ? ᠭᠣᠮᠣᠳᠠᠴᠢᠬᠠᠭᠠᠳ ᠤᠤ ? ᠪᠢ ᠮᠡᠳᠡᠬᠦ ᠦᠭᠡᠢ᠂ ᠶᠠᠭᠤ ᠪᠣᠯᠤᠭᠰᠠᠨ ᠴᠤ᠌ ᠠᠯᠢ ᠪᠦᠬᠦᠨ ᠢ᠋ᠶ᠋ᠡᠨ ᠪᠢᠳᠡᠨ ᠡᠴᠡ ᠨᠢᠭᠤᠵᠤ ᠳᠠᠯᠳᠠᠯᠠᠭᠠᠳ᠂ ᠤᠨᠢᠶᠠᠷ ᠮᠠᠨᠠᠨ ᠢ᠋ᠶ᠋ᠠᠨ ᠪᠠᠭᠤᠯᠭᠠᠵᠠᠢ᠃ ᠤᠶᠠᠷᠠᠬᠤ ᠳ᠋ᠤ᠌ ᠪᠠᠨ ᠮᠠᠨᠤᠰ ᠢ᠋ ᠤᠬᠢᠯᠠᠴᠢᠬᠠᠬᠤ ᠮᠠᠭᠠᠳ ᠦᠭᠡᠢ᠂ ᠰᠣᠴᠢᠬᠤ ᠳ᠋ᠤ᠌ ᠪᠠᠨ ᠮᠠᠨᠤᠰ ᠢ᠋ ᠬᠠᠰᠬᠢᠷᠴᠢᠬᠠᠬᠤ ᠮᠠᠭᠠᠳ ᠦᠭᠡᠢ ᠭᠡᠵᠦ ᠳᠡᠭᠡᠳᠦ ᠨᠡᠢᠰᠯᠡᠯ ᠮᠢᠨᠢ ᠠᠶᠤᠯ᠎ᠠ ᠴᠤ᠌ ᠶᠤᠮ ᠤᠤ ᠳᠠ ? ᠨᠢᠭᠡ ᠬᠡᠯᠡᠪᠡᠯ᠂ ᠶᠠᠭᠤᠮ᠎ᠠ ᠶᠡᠷᠦ ᠨᠢ ᠪᠦᠷᠦᠭ ᠪᠠᠷᠤᠭ ᠪᠠᠢᠬᠤ ᠳ᠋ᠤ᠌ ᠪᠠᠨ ᠳᠡᠭᠡᠷ᠎ᠡ᠂ ᠪᠣᠳᠠᠲᠠᠢ ᠪᠢᠰᠢ ᠬᠡᠢᠰᠪᠦᠷᠢ ᠪᠠᠢᠬᠤ ᠳ᠋ᠤ᠌ ᠪᠠᠨ ᠳᠡᠭᠡᠷ᠎ᠡ ᠠ᠋᠃ 
       ᠨᠡᠢᠰᠯᠡᠯ ᠭᠡᠵᠦ ᠰᠠᠨᠠᠬᠤ ᠶ᠋ᠢᠨ ᠠᠷᠭ᠎ᠠ ᠦᠭᠡᠢ᠂ ᠭᠡᠬᠦ ᠳ᠋ᠦ᠍ ᠪᠡᠨ ᠨᠡᠢᠰᠯᠡᠯ ᠪᠠᠢᠭᠰᠠᠨ ᠨᠢ ᠦᠨᠡᠨ᠂ ᠳᠣᠯᠣᠭᠠᠨ ᠵᠠᠭᠤᠨ ᠵᠢᠯ ᠦ᠋ᠨ ᠡᠮᠦᠨ᠎ᠡ ᠬᠤᠪᠢᠯᠠᠢ ᠡᠨᠳᠡ ᠠᠩᠬ᠎ᠠ ᠨᠡᠢᠰᠯᠡᠯᠯᠡᠵᠦ ᠬᠥᠮᠦᠨ ᠪᠦᠯᠢ ᠨᠢ ᠬᠣᠷᠢᠨ ᠲᠠᠪᠤᠨ ᠲᠦᠮᠡ ᠬᠦᠷᠦᠭᠰᠡᠨ ᠮᠣᠩᠭᠣᠯ ᠨᠡᠢᠰᠯᠡᠯ ᠪᠠᠢᠭᠰᠠᠨ ᠨᠢ ᠦᠨᠡᠨ᠃ 
      《ᠶᠠᠭᠤ ᠭᠡᠵᠦ ᠰᠢᠲᠠᠭᠠᠭᠰᠠᠨ ᠪᠣᠢ? 》 ᠭᠡᠵᠦ ᠬᠡᠦᠬᠡᠨ ᠮᠢᠨᠢ ᠠᠰᠠᠭᠤᠪᠠ᠃ 
      《ᠶᠠᠭᠤ ᠭᠡᠵᠦ ᠰᠢᠲᠠᠭᠠᠬᠤ ᠤᠤ ᠳᠠ᠂ ᠮᠣᠩᠭᠣᠯ ᠢ᠋ ᠮᠥᠬᠥᠭᠡᠨ᠎ᠡ ᠭᠡᠵᠦ ᠰᠢᠲᠠᠭᠠᠨ᠎ᠠ ᠰᠢᠲᠠ》 ᠭᠡᠵᠦ ᠪᠢ ᠬᠠᠷᠢᠭᠤᠯᠪᠠ᠃  
      《ᠮᠣᠩᠭᠣᠯ ᠢ᠋ ᠮᠥᠬᠥᠭᠡᠨ᠎ᠡ ᠭᠡᠨ᠎ᠡ 》 ᠭᠡᠵᠦ ᠬᠡᠦᠬᠡᠨ ᠮᠢᠨᠢ ᠯᠠᠪᠯᠠᠭᠰᠠᠨ ᠢ᠋ᠶ᠋ᠠᠨ ᠨᠢᠳᠦ ᠨᠢ ᠪᠦᠯᠲᠡᠭᠡᠨᠡᠪᠡ᠃ 
      《ᠲᠡᠢᠮᠦ ᠠ᠋ ! 》ᠭᠡᠵᠦ ᠪᠢ ᠥᠭᠡᠷ᠎ᠡ ᠦᠭᠡ ᠣᠯᠵᠤ ᠴᠢᠳᠠᠭᠰᠠᠨ ᠦᠭᠡᠢ ᠬᠡᠦᠬᠡᠨ ᠢ᠋ᠶ᠋ᠡᠨ ᠠᠶᠤᠯᠭᠠᠭᠰᠠᠨ ᠢ᠋ ᠮᠡᠳᠡᠮᠡᠭᠴᠡ ᠭᠡᠮᠰᠢᠯ᠎ᠡ᠃ ᠪᠢ ᠴᠢᠨᠢ ᠬᠡᠦᠬᠡᠨ ᠢ᠋ᠶ᠋ᠡᠨ ᠪᠠᠶᠠᠰᠬᠠᠬᠤ ᠭᠡᠵᠦ ᠳᠠᠭᠠᠭᠤᠯᠤᠭ᠎ᠠ ᠦᠭᠡᠢ᠂ ᠨᠢᠯᠬ᠎ᠠ ᠡᠩᠬᠦᠷᠡᠢ ᠰᠡᠳᠬᠢᠯ ᠢ᠋ ᠨᠢ ᠬᠥᠨᠳᠡᠭᠡᠬᠦ ᠭᠡᠵᠦ ᠳᠠᠭᠠᠭᠤᠯᠤᠭᠰᠠᠨ ᠪᠠᠢᠵᠤ ᠰᠢᠦ᠃ ᠡᠨᠡ ᠮᠢᠨᠦ ᠪᠤᠷᠤᠭᠤ᠂ ᠠᠪᠤ ᠨᠢ ᠪᠣᠯᠤᠭᠰᠠᠨ ᠮᠢᠨᠦ ᠬᠡᠦᠬᠡᠨ ᠢ᠋ᠶ᠋ᠡᠨ ᠣᠢᠯᠭᠠᠭᠰᠠᠨ ᠦᠭᠡᠢ ᠶ᠋ᠢᠨ ᠪᠤᠷᠤᠭᠤ᠃ 
       ᠨᠡᠢᠰᠯᠡᠯ ᠮᠢᠨᠢ ᠳᠠᠷᠠᠰᠤ ᠪᠣᠯᠭᠠᠨ ᠱᠤᠤᠭᠢᠨ ᠰᠡᠭᠦᠷᠡᠰᠦᠯᠡᠵᠦ ᠰᠣᠨᠣᠰᠳᠠᠨ᠎ᠠ᠃ ᠳᠠᠷᠠᠰᠤ ᠨᠢ ᠰᠡᠭᠦᠷᠡᠰᠦ ᠠᠯᠲᠠᠨ ᠱᠤᠤᠭᠢᠭᠰᠠᠨ᠂ ᠳᠡᠨᠵᠢ ᠨᠢ ᠰᠣᠷᠪᠢ ᠪᠠᠨ ᠲᠡᠮᠲᠡᠷᠢᠨ ᠶᠣᠣᠯᠠᠭᠰᠠᠨ ᠡᠷᠲᠡ ᠳᠡᠭᠡᠳᠦ ᠶ᠋ᠢᠨ ᠶᠡᠬᠡ ᠪᠠᠯᠠᠮᠠᠳ᠂ ᠶᠡᠬᠡ ᠪᠠᠯᠠᠢ ᠳᠤᠮᠳᠠᠭᠤᠷ ᠪᠢᠳᠡ ᠰᠦᠯᠵᠢᠵᠦ ᠳᠠᠯᠳᠢᠷᠠᠭᠰᠠᠭᠠᠷ ᠶᠠᠪᠤᠯ᠎ᠠ᠃ ᠨᠣᠮ ᠤ᠋ᠨ ᠰᠢᠵᠢᠷ ᠦᠰᠦᠭ ᠰᠢᠭ ᠰᠢᠷ᠎ᠠ ᠴᠡᠴᠡᠭ ᠯᠠ ᠨᠣᠯ ᠰᠢᠷᠭᠠᠯᠲᠤᠵᠤ ᠲᠠᠯ᠎ᠠ ᠳᠦᠭᠦᠷᠡᠩ ᠤᠳᠬᠠᠯᠢᠭ ᠴᠢᠮᠪᠠᠢᠯᠢᠭ ᠳᠡᠯᠭᠡᠷᠡᠨ᠎ᠡ᠃ ᠶᠠᠭᠠᠬᠢᠭᠰᠠᠨ ᠴᠤ᠌ ᠪᠥᠬᠡ ᠬᠡᠳᠦᠨ ᠵᠠᠭᠤᠨ ᠢ᠋ᠶ᠋ᠠᠷ ᠵᠤᠯᠭᠠᠷᠠᠳᠠᠭ ᠦᠭᠡᠢ᠂ ᠶᠠᠮᠠᠷ ᠴᠤ᠌ ᠬᠦᠨᠳᠦ ᠵᠢᠷᠤᠮ ᠢ᠋ ᠪᠣᠳᠣᠭᠰᠠᠨ ᠴᠡᠴᠡᠭ ᠶᠦᠮ ᠳᠡ? 
       ᠨᠤᠷᠠᠵᠤ ᠭᠦᠢᠴᠡᠳ ᠪᠠᠯᠠᠷᠠᠭ᠎ᠠ ᠦᠭᠡᠢ ᠬᠣᠲᠠ ᠶ᠋ᠢᠨ ᠬᠡᠷᠡᠮ ᠳ᠋ᠦ᠍ ᠪᠦᠳᠦᠭᠦᠨ ᠪᠦᠳᠦᠭᠦᠨ ᠠᠭᠤᠢ ᠭᠡᠮᠡᠷ ᠨᠦᠬᠡ ᠮᠠᠨᠤᠰ ᠤ᠋ᠨ ᠥᠭᠡᠳᠡ ᠠᠩᠭᠠᠢᠨ ᠬᠠᠷᠠᠩᠭᠤᠢᠯᠠᠵᠤ᠄ 《ᠶᠠᠭᠠᠬᠢᠬᠤ ᠳ᠋ᠠᠭᠠᠨ ᠲᠠᠨᠤᠰ ᠣᠳᠣ ᠰᠠᠢ ᠢᠷᠡᠭᠡ ᠶᠦᠮ ᠪᠣᠢ ? 》ᠭᠡᠵᠦ ᠠᠰᠠᠭᠤᠨ ᠪᠠᠢᠭ᠎ᠠ ᠰᠢᠭ᠋ ᠰᠠᠨᠠᠭᠳᠠᠨ᠎ᠠ᠃ ᠪᠢᠳᠡ ᠠᠭᠤᠢ ᠳ᠋ᠤ᠌ ᠣᠷᠣᠯ᠎ᠠ᠃ ᠨᠢᠭᠡ ᠨᠢᠭᠡᠨ ᠢ᠋ᠶ᠋ᠡᠨ ᠰᠢᠲᠠᠭᠠᠵᠤ ᠳᠣᠭᠰᠢᠷᠠᠭᠰᠠᠨ ᠬᠣᠶᠠᠷ ᠲᠥᠷᠥ ᠶ᠋ᠢᠨ ᠥᠷᠢᠰᠦᠯᠳᠦᠭᠡᠨ᠂ ᠬᠣᠷᠣᠰᠤᠯ ᠥᠰᠢᠶᠡᠨ ᠦ᠌ ᠬᠢᠨ ᠭᠦᠨ ᠳᠣᠲᠣᠷ᠎ᠠ ᠣᠷᠣᠯ᠎ᠠ᠃ ᠬᠡᠨᠡᠭ ᠦᠭᠡᠢ ᠭᠦᠨᠵᠡᠭᠡᠢ᠂ ᠬᠠᠷᠰᠢᠯ ᠬᠢᠰᠠᠯ ᠤ᠋ᠨ ᠬᠢᠨ ᠤᠲᠤᠭ᠎ᠠ ᠰᠠᠷᠨᠢᠭ᠎ᠠ ᠦᠭᠡᠢ ᠲᠡᠦᠬᠡ ᠶ᠋ᠢᠨ ᠶᠡᠬᠡ ᠠᠮᠠ᠂ ᠲᠥᠷᠥ ᠶ᠋ᠢᠨ ᠶᠡᠬᠡ ᠠᠭᠤᠢ ᠳᠣᠲᠣᠷ᠎ᠠ ᠪᠢᠳᠡ ᠬᠡᠰᠡᠭ ᠪᠠᠢᠭᠰᠠᠨ ᠢ᠋ᠶ᠋ᠠᠨ ᠭᠠᠷᠴᠤ ᠢᠷᠡᠵᠡᠭᠡᠪᠡ᠃ ᠵᠠᠷᠢᠮ ᠨᠢ ᠬᠠᠮᠠᠷ ᠳᠡᠭᠡᠷ᠎ᠡ ᠪᠡᠨ ᠬᠦ ᠲᠡᠢ᠂ ᠵᠠᠷᠢᠮ ᠨᠢ ᠬᠣᠢᠰᠢ ᠳ᠋ᠤ᠌ ᠪᠠᠨ ᠥᠷᠢ ᠲᠡᠢ᠂ ᠳᠠᠷᠢ ᠦᠨᠦᠷᠲᠦᠭᠦᠯᠦᠭᠰᠡᠨ ᠰᠢᠭ᠂ ᠰᠥᠰᠥ ᠳᠣᠯᠢᠶᠠᠭᠰᠠᠨ ᠰᠢᠭ᠋ ᠭᠢᠯᠠᠯᠵᠠᠨ ᠭᠠᠷᠴᠤ ᠢᠷᠡᠵᠡᠭᠡᠪᠡ᠃ ᠢᠷᠮᠡᠭ ᠨᠢ ᠡᠮᠲᠡᠷᠬᠡᠢ ᠵᠢᠵᠢᠭ ᠴᠢᠯᠠᠭᠤᠨ ᠣᠩᠭᠣᠴᠠᠨ ᠳ᠋ᠤ᠌ ᠤᠰᠤ ᠲᠤᠨᠤᠨ ᠪᠠᠢᠪᠠ᠃ ᠣᠢᠷᠠᠳᠴᠤ ᠥᠩᠭᠡᠢᠨ ᠱᠠᠭᠠᠢᠪᠠᠯ ᠭᠢᠯᠠ ᠲᠤᠩᠭᠠᠯᠠᠭ᠂ ᠤᠰᠤ ᠪᠢᠰᠢ᠂ ᠤᠨᠲᠠᠷᠠᠭᠰᠠᠨ ᠭᠦᠷᠦᠨ ᠦ᠌ ᠮᠢᠨᠢ ᠪᠢᠳᠡᠨ ᠳ᠋ᠦ᠍ ᠦᠯᠡᠳᠡᠭᠡᠭᠰᠡᠨ ᠲᠣᠯᠢ ᠪᠠᠢᠯ᠎ᠠ᠃ 《ᠪᠢᠳᠡ ᠶᠠᠭᠠᠬᠢᠯ᠎ᠠ ?》ᠭᠡᠵᠦ ᠮᠠᠨᠤᠰ ᠵᠢᠰᠦ ᠪᠡᠨ ᠰᠢᠨᠵᠢᠵᠦ᠂ ᠰᠦᠨᠡᠰᠦ ᠪᠡᠨ ᠲᠣᠯᠢᠳᠠᠨ ᠵᠣᠭᠰᠣᠵᠠᠭᠠᠪᠠ᠂ ᠨᠡᠢᠰᠯᠡᠯ ᠦ᠋ᠨ ᠮᠢᠨᠢ ᠡᠬᠡ ᠬᠥᠷᠥᠰᠥ ᠨᠡᠢᠳᠡᠮ ᠳ᠋ᠦ᠍ ᠪᠡᠨ ᠱᠠᠯᠪᠠᠭ᠃ ᠭᠠᠵᠠᠷ ᠤ᠋ᠨ ᠭᠦᠨ ᠡᠴᠡ ᠨᠡᠪᠴᠢᠵᠦ ᠳᠡᠭᠡᠭᠰᠢ ᠬᠤᠷᠠᠭᠰᠠᠨ ᠱᠠᠯᠪᠠᠭ ᠬᠥᠯ ᠢ᠋ ᠮᠢᠨᠢ ᠵᠢᠩᠳᠡᠭᠡᠵᠦ᠂ ᠪᠣᠳᠣᠯ ᠢ᠋ ᠮᠢᠨᠢ ᠬᠠᠭᠠᠷᠢᠨ᠎ᠠ᠃ ᠠᠯᠤᠰ ᠤ᠋ᠨ ᠲᠡᠷᠡ ᠬᠦ ᠣᠨ ᠵᠢᠯ ᠦ᠋ᠨ ᠴᠠᠭᠠᠨ᠎ᠠ ᠠ᠋ᠴᠠ ᠡᠳᠦᠭᠡ ᠪᠣᠯᠲᠠᠯ᠎ᠠ ᠬᠤᠷᠠᠵᠤ ᠲᠣᠨᠣᠭᠰᠠᠨ ᠣᠰᠣᠯ ᠠᠯᠳᠠᠭ᠎ᠠ᠂ ᠤᠨᠠᠯ ᠭᠡᠨᠡᠳᠡᠯ ᠦ᠋ᠨ ᠮᠢᠨᠢ ᠰᠤᠷᠭᠠᠮᠵᠢ ᠲᠤᠨᠤᠳᠠᠰᠤ ᠶᠤᠮ ᠴᠢᠨᠢ ᠬᠦᠢᠲᠡᠨ ᠵᠢᠩᠳᠡᠭᠦᠦ ᠪᠠᠢᠬᠤ ᠨᠢ ᠳᠠᠮᠵᠢᠭ ᠦᠭᠡᠢ ᠠ᠋᠃ 
       ᠨᠡᠢᠰᠯᠡᠯ ᠮᠢᠨᠢ ᠨᠢᠭᠡ ᠰᠠᠷ᠎ᠠ ᠰᠢᠲᠠᠮᠠᠨ(ᠨᠢᠭᠡ ᠵᠢᠯ ᠴᠦ᠍ ᠰᠢᠲᠠᠭᠰᠠᠨ ᠮᠠᠭᠠᠳ) ᠰᠠᠢ ᠨᠤᠷᠠᠵᠠᠢ ᠭᠡᠨ᠎ᠡ ᠰᠢᠦ᠂ ᠪᠢᠴᠢᠭ ᠨᠣᠮ ᠨᠢ ᠬᠡᠭᠡᠷ᠎ᠡ ᠬᠥᠳᠡᠭᠡ ᠪᠡᠷ ᠡᠨᠡᠯᠦᠨ ᠰᠢᠨᠠᠯᠤᠨ ᠬᠡᠢᠰᠴᠦ ᠭᠦᠢᠴᠡᠪᠡ ᠭᠡᠨ᠎ᠡ ᠠ᠋᠃ ᠬᠥᠮᠦᠨ ᠲᠥᠷᠥᠯᠬᠢᠲᠡᠨ ᠦ᠌ ᠮᠢᠨᠢ ᠣᠶᠤᠨ ᠪᠢᠯᠢᠭ ᠦ᠋ᠨ ᠳᠡᠭᠡᠵᠢ᠂ ᠬᠥᠮᠥᠷᠭᠡ ᠬᠥᠮᠥᠷᠭᠡ ᠪᠡᠷ ᠬᠠᠳᠠᠭᠠᠯᠠᠵᠤ ᠨᠠᠨᠳᠢᠩᠨᠠᠭᠰᠠᠨ ᠡᠷᠳᠡᠨᠢ ᠮᠡᠷᠭᠡᠨ ᠰᠤᠷᠭᠠᠯ ᠮᠢᠨᠢ ᠪᠦᠲᠦᠨ ᠢ᠋ᠶ᠋ᠡᠷ ᠢ᠋ᠶ᠋ᠡᠨ ᠦᠯᠡᠳᠡᠬᠦ ᠦᠭᠡᠢ ᠴᠦ᠍ ᠭᠡᠰᠡᠨ᠂ ᠪᠦᠯᠦᠭ ᠬᠤᠭᠤᠰ ᠨᠢ ᠴᠦ᠍ ᠦᠯᠡᠳᠡᠭᠰᠡᠨ ᠪᠠᠢᠭᠰᠠᠨ ᠪᠣᠯ ᠬᠥᠮᠦᠨ ᠠᠷᠠᠳ ᠮᠢᠨᠢ ᠣᠳᠣ ᠬᠢ ᠰᠢᠭ ᠰᠣᠶᠣᠯ ᠢ᠋ᠶ᠋ᠠᠷ ᠳᠣᠷᠣᠢ ᠣᠢ ᠪᠠᠷ ᠣᠷᠣᠢ ᠶᠠᠪᠤᠬᠤ ᠦᠭᠡᠢ ᠰᠢᠦ ᠳᠡ᠃ 
       ᠪᠢᠳᠡ ᠨᠡᠯᠢᠶᠡᠳ ᠡᠷᠭᠢᠴᠡᠯ᠎ᠡ᠃ ᠬᠡᠨ ᠨᠢ ᠴᠦ᠍ ᠬᠥᠭᠰᠡᠵᠦ ᠴᠢᠳᠠᠬᠤ ᠦᠭᠡᠢ᠂ ᠬᠡᠨ ᠨᠢ ᠭᠡᠳ ᠰᠠᠯᠵᠤ ᠲᠦᠪᠳᠡᠬᠦ ᠦᠭᠡᠢ᠃ ᠬᠠᠮᠢᠭ᠎ᠠ ᠠ᠋ᠴᠠ ᠨᠢᠭᠡ ᠳᠠᠭᠤᠳᠠᠯᠭ᠎ᠠ ᠢᠷᠡᠵᠦ ᠪᠠᠢᠬᠤ ᠰᠢᠭ᠋᠂ ᠳᠠᠢᠴᠢᠯᠠᠭ᠎ᠠ ᠰᠣᠨᠣᠰᠳᠠᠵᠤ ᠪᠠᠢᠬᠤ ᠰᠢᠭ᠋ ᠴᠢᠬᠢ ᠪᠠᠢᠨ ᠪᠠᠢᠨ ᠬᠠᠩᠭᠢᠨᠠᠨ᠂ ᠨᠢᠳᠦ ᠪᠠᠢᠨ ᠪᠠᠢᠨ ᠪᠦᠷᠦᠯᠵᠡᠨ᠂ ᠳᠡᠭᠡᠳᠦ ᠨᠡᠢᠰᠯᠡᠯ ᠳᠡᠭᠡᠷ᠎ᠡ ᠪᠣᠯᠵᠤ ᠥᠩᠭᠡᠷᠡᠭᠰᠡᠨ ᠠᠶᠤᠮᠰᠢᠭᠲᠠᠢ ᠬᠠᠷᠭᠢᠰ ᠲᠡᠷᠡ ᠴᠠᠭ ᠮᠥᠴᠡ ᠳᠠᠬᠢᠨ ᠢᠯᠡᠷᠡᠬᠦ ᠰᠢᠦ ᠪᠣᠯᠤᠯ᠎ᠠ᠁ 
       ᠲᠡᠦᠬᠡ ᠶ᠋ᠢᠨ ᠦᠨᠡᠨ ᠢ᠋ ᠰᠡᠷᠭᠦᠭᠡᠨ᠎ᠡ ᠂ᠳᠡᠭᠡᠳᠦ ᠨᠡᠢᠰᠯᠡᠯ ᠢ᠋ᠶ᠋ᠡᠨ ᠪᠤᠰᠬᠠᠨ᠎ᠠ ᠭᠡᠵᠦ ᠨᠠᠮ ᠲᠥᠷᠥ ᠮᠢᠨᠢ ᠰᠡᠳᠬᠢᠯ ᠰᠢᠭᠤᠳᠴᠤ᠂ ᠢᠪᠡᠭᠡᠯ ᠬᠠᠢᠷ᠎ᠠ ᠪᠠᠨ ᠬᠦᠷᠲᠡᠭᠡᠵᠦ ᠡᠬᠢᠯᠡᠭᠡ ᠨᠢ ᠢᠯᠡᠷᠬᠡᠢ᠃ ᠮᠤᠬᠤᠯᠠᠭ ᠡᠭᠦᠳᠡ ᠲᠡᠢ ᠮᠣᠩᠭᠣᠯ ᠨᠠᠮᠪᠠ ᠲᠠᠢ ᠡᠷᠲᠡᠨ ᠦ᠌ ᠬᠥᠬᠡ ᠪᠠᠷᠢᠯᠭ᠎ᠠ ᠪᠣᠰᠤᠨ ᠪᠣᠢ᠃ ᠨᠡᠢᠰᠯᠡᠯ ᠦ᠋ᠨ ᠮᠢᠨᠢ ᠬᠢᠷᠢ ᠰᠦᠷ ᠭᠢᠯᠪᠠᠭ᠎ᠠ ᠪᠠᠢᠭ᠎ᠠ ᠦᠭᠡᠢ ᠴᠦ᠍ ᠨᠢᠳᠦᠨ ᠳ᠋ᠦ᠍ ᠳᠤᠯᠠᠭᠠᠨ ᠬᠠᠷᠠᠭᠳᠠᠬᠤ ᠲᠡᠷᠡ ᠬᠦ ᠵᠢᠵᠢᠭ ᠪᠠᠷᠢᠯᠭ᠎ᠠ ᠶ᠋ᠢ ᠡᠷᠲᠡᠬᠡᠨ ᠪᠣᠰᠤᠭᠠᠷᠠᠢ ᠭᠡᠵᠦ ᠪᠢᠳᠡ ᠵᠥᠩᠨᠡᠨ ᠬᠦᠰᠡᠪᠡ! 
       ᠨᠡᠢᠰᠯᠡᠯ ᠮᠢᠨᠢ ᠰᠥᠨᠥᠵᠦ ᠪᠣᠯᠤᠨ᠎ᠠ᠂ ᠰᠡᠳᠬᠢᠯ ᠮᠢᠨᠢ ᠰᠦᠢᠷᠡᠵᠦ ᠪᠣᠯᠬᠤ ᠦᠭᠡᠢ᠂ ᠰᠦᠢᠷᠡᠭᠰᠡᠨ ᠰᠡᠳᠬᠢᠯ ᠢ ᠭᠠᠩᠨᠠᠵᠤ ᠨᠡᠢᠯᠡᠭᠦᠯᠬᠦ ᠨᠢ ᠰᠥᠨᠥᠭᠰᠡᠨ ᠨᠡᠢᠰᠯᠡᠯ ᠢ᠋ ᠰᠡᠷᠭᠦᠭᠡᠵᠦ ᠮᠠᠨᠳᠤᠭᠤᠯᠬᠤ ᠠ᠋ᠴᠠ ᠬᠣᠯᠠ ᠴᠠᠭᠠᠰᠢ ᠬᠦᠴᠢᠷ ᠪᠠᠢᠵᠤ ᠮᠡᠳᠡᠨ᠎ᠡ᠃ ᠡᠨᠡ ᠦᠭᠡ ᠶ᠋ᠢ ᠬᠡᠨ ᠬᠡᠯᠡᠪᠡ ? ᠬᠡᠨ ᠴᠦ᠍ ᠬᠡᠯᠡᠭᠡ ᠦᠭᠡᠢ᠂ ᠪᠢ ᠪᠣᠳᠣᠪᠠ᠃ ᠨᠠᠳᠠ ᠳ᠋ᠤ᠌ ᠶᠠᠭᠠᠬᠢᠭᠠᠳ ᠡᠢᠮᠦ ᠰᠡᠴᠡᠨ ᠪᠣᠳᠣᠯ ᠲᠥᠷᠥᠭᠳᠡᠴᠢᠬᠡᠪᠡ? ᠭᠡᠵᠦ ᠪᠢ ᠪᠡᠶ᠎ᠡ ᠪᠡᠨ ᠭᠠᠢᠬᠠᠯ᠎ᠠ᠃ ᠪᠤᠰᠤᠳ ᠢ᠋ᠶ᠋ᠠᠨ ᠬᠠᠷᠠᠯ᠎ᠠ᠃ ᠨᠥᠬᠥᠳ ᠦ᠋ᠨ ᠮᠢᠨᠢ ᠨᠢᠳᠦᠨ ᠳ᠋ᠦ᠍ ᠴᠦ᠍ ᠨᠠᠳᠠ ᠲᠠᠢ ᠠᠳᠠᠯᠢ ᠭᠡᠭᠡᠨ ᠪᠣᠳᠣᠯ ᠭᠡᠷᠡᠯᠲᠦᠨ ᠪᠠᠢᠪᠠ ᠰᠢᠦ᠃ ᠨᠡᠢᠰᠯᠡᠯ ᠮᠢᠨᠢ᠂ ᠦᠷᠡᠭᠳᠡᠭᠰᠡᠨ ᠬᠡᠰᠡᠭ ᠸᠠᠭᠠᠷ ᠢ᠋ᠶ᠋ᠠᠷ ᠢ᠋ᠶ᠋ᠠᠨ ᠦᠯᠲᠦᠷᠡᠭᠰᠡᠨ ᠴᠠᠬᠢᠮ ᠵᠣᠷᠢᠭ ᠢ᠋ᠶ᠋ᠠᠷ ᠢ᠋ᠶ᠋ᠠᠨ ᠮᠠᠨᠤᠰ ᠲᠤ᠌ ᠦᠵᠡᠭᠦᠯᠬᠦ ᠪᠡᠨ ᠦᠵᠡᠭᠦᠯᠵᠦ ᠪᠣᠳᠣᠭᠤᠯᠬᠤ ᠪᠠᠨ ᠪᠣᠳᠣᠭᠤᠯᠵᠤ ᠠᠮᠵᠢᠭᠰᠠᠨ ᠪᠠᠢᠵᠠᠢ᠃ 
       ᠬᠡᠦᠬᠡᠨ ᠲᠡᠢ ᠮᠢᠨᠢ ᠵᠣᠭᠣᠭᠳᠠᠬᠤ ᠬᠥᠮᠦᠨ ᠦᠭᠡᠢ᠃ ᠡᠪᠡᠰᠦᠨ ᠳᠤᠮᠳᠠᠭᠤᠷ ᠡᠮᠵᠡᠭ ᠳᠣᠲᠣᠭᠤᠷ ᠶᠠᠭᠤᠮ᠎ᠠ ᠬᠠᠢᠵᠤ ᠶᠠᠪᠤᠨ᠎ᠠ᠃ ᠳᠡᠭᠡᠳᠦ ᠨᠡᠢᠰᠯᠡᠯ ᠦ᠋ᠨ ᠮᠢᠨᠢ ᠪᠢᠳᠡᠨ ᠳ᠋ᠦ᠍ ᠪᠡᠨ ᠬᠡᠯᠡᠬᠦ᠂ ᠪᠢᠳᠡ ᠡᠷᠭᠢᠭᠡᠳ ᠬᠡᠦᠬᠡᠳ ᠲᠦ᠍ ᠪᠡᠨ ᠬᠡᠯᠡᠬᠦ᠂ ᠳᠡᠭᠡᠳᠦᠰ ᠦ᠋ᠨ ᠲᠤᠬᠠᠢ᠂ ᠲᠡᠦᠬᠡ ᠶ᠋ᠢᠨ ᠲᠤᠬᠠᠢ ᠰᠤᠷᠭᠠᠯ ᠵᠠᠬᠢᠶ᠎ᠠ ᠶ᠋ᠢ ᠬᠡᠦᠬᠡᠨ ᠮᠢᠨᠢ ᠮᠠᠨᠤᠰ ᠠ᠋ᠴᠠ ᠪᠢᠰᠢ᠂ ᠳᠡᠭᠡᠳᠦ ᠨᠡᠢᠰᠯᠡᠯ ᠡᠴᠡ ᠰᠢᠭᠤᠳ ᠣᠯᠵᠤ ᠰᠣᠨᠣᠰᠬᠤ ᠬᠤᠪᠢ ᠲᠠᠢ ᠢᠷᠡᠵᠡᠢ᠃ ᠵᠣᠯ ᠵᠠᠪᠰᠢᠶᠠᠨ ᠪᠦᠬᠦᠨ ᠬᠡᠦᠬᠡᠳ ᠬᠣᠢᠴᠢᠰ ᠤ᠋ᠨ ᠮᠢᠨᠢ ᠪᠣᠯᠤᠭᠠᠰᠠᠢ! 
       ᠳᠡᠭᠡᠳᠦ ᠨᠡᠢᠰᠯᠡᠯ ᠦ᠋ᠨ ᠮᠢᠨᠢ ᠮᠠᠨᠠ ᠥᠳᠬᠡᠷᠡᠵᠦ᠂ ᠳᠡᠭᠡᠷ᠎ᠡ ᠡᠴᠡ ᠬᠥᠬᠡ ᠲᠩᠷᠢ ᠨᠥᠮᠥᠢᠵᠦ᠂ ᠲᠡᠷᠲᠡᠭᠡ ᠰᠦᠷᠯᠢᠭ ᠠᠭᠤᠯᠠᠰ ᠨᠢ ᠪᠦᠷᠦᠢᠵᠦ᠂ ᠲᠡᠦᠬᠡ ᠠᠬᠤᠢ ᠠᠯᠢ ᠪᠦᠬᠦᠨ ᠢ᠋ᠶ᠋ᠡᠷ ᠢ᠋ᠶ᠋ᠡᠨ ᠪᠦᠷᠦᠭ ᠪᠠᠷᠤᠭ ᠤ᠋ᠨ ᠳᠤᠮᠳᠠ ᠣᠨᠢᠰᠣᠭ᠎ᠠ ᠰᠢᠭ᠋ ᠠᠯᠭᠤᠷᠬᠠᠨ ᠨᠢᠭᠤᠭᠳᠠᠵᠤ ᠴᠠᠭᠠᠰᠢᠯᠠᠯ᠎ᠠ᠃ 
       ᠪᠦᠬᠦ ᠰᠢᠯᠢ ᠶ᠋ᠢᠨ ᠭᠣᠣᠯ ᠢ᠋ᠶ᠋ᠠᠷ ᠪᠠᠶᠠᠷᠯᠠᠵᠤ ᠶᠠᠪᠤᠭᠰᠠᠨ ᠪᠢᠳᠡ᠂ ᠡᠨᠳᠡ ᠨᠢᠭᠡ ᠬᠥᠨᠳᠡᠭᠳᠡᠵᠦ ᠬᠦᠨᠳᠡᠭᠦᠷᠯᠡᠭᠳᠡᠵᠦ ᠪᠣᠯᠤᠨ᠎ᠠ ᠰᠢᠦ ᠳᠡ ! ᠲᠡᠷᠭᠡᠨ ᠳ᠋ᠦ᠍ ᠭᠠᠷᠬᠤ ᠦᠶ᠎ᠡ ᠂ ᠬᠡᠦᠬᠡᠨ ᠮᠢᠨᠢ ᠨᠠᠳᠠ ᠳ᠋ᠤ᠌ ᠨᠢᠭᠡ ᠬᠡᠰᠡᠭ ᠸᠠᠭᠠᠷ ᠭᠠᠷᠭᠠᠵᠤ ᠦᠵᠡᠭᠦᠯᠦᠯ᠎ᠡ᠃ ᠪᠢ ᠶᠣᠰᠣᠲᠠᠢ ᠭᠠᠢᠬᠠᠪᠠ᠃ ᠬᠡᠦᠬᠡᠳ ᠢ᠋ ᠬᠡᠦᠬᠡᠳ ᠭᠡᠵᠦ ᠪᠠᠰᠤᠵᠤ ᠪᠣᠯᠳᠠᠭ ᠦᠭᠡᠢ ᠠᠵᠢ᠃ ᠨᠣᠭᠣᠭᠠᠨ ᠥᠩᠭᠡ ᠲᠡᠢ᠂ ᠲᠤᠯᠭᠠᠨ ᠬᠡᠯᠪᠡᠷᠢ ᠲᠡᠢ᠂ ᠠᠯᠠᠭᠠᠨ ᠵᠢᠷᠤᠭᠠᠰᠤ ᠲᠠᠢ᠂ ᠲᠣᠳᠣᠬᠠᠨ ᠴᠤᠤᠷᠢᠶ᠎ᠠ ᠲᠠᠢ ᠲᠡᠷᠡ ᠬᠡᠰᠡᠭ ᠸᠠᠭᠠᠷ ᠢ᠋ ᠪᠢ ᠤᠳᠠᠲᠠᠯ᠎ᠠ ᠰᠢᠨᠵᠢᠵᠦ᠂ ᠬᠡᠦᠬᠡᠨ ᠢ᠋ᠶ᠋ᠡᠨ ᠰᠢᠷᠲᠡᠯ᠎ᠡ᠃ ᠥᠩᠭᠡ ᠶ᠋ᠢ ᠨᠢ ᠬᠠᠷᠠᠨ ᠪᠡᠶᠡᠰᠴᠦ᠂ ᠬᠡᠯᠪᠡᠷᠢ ᠶ᠋ᠢ ᠨᠢ ᠲᠣᠭᠣᠨ ᠰᠢᠲᠦᠵᠦ᠂ ᠵᠢᠷᠤᠭᠠᠰᠤ ᠶ᠋ᠢ ᠨᠢ ᠨᠢᠳᠦᠯᠡᠨ ᠤᠬᠠᠭᠠᠵᠢᠵᠤ᠂ ᠴᠤᠤᠷᠢᠶ᠎ᠠ ᠶ᠋ᠢ ᠨᠢ ᠴᠢᠩᠨᠠᠨ ᠣᠮᠣᠭᠰᠢᠶ᠎ᠠ ᠭᠡᠵᠦ ᠬᠡᠦᠬᠡᠨ ᠮᠢᠨᠢ ᠲᠡᠷᠡ ᠬᠡᠰᠡᠭ ᠸᠠᠭᠠᠷ ᠢ᠋ ᠲᠡᠭᠦᠭᠰᠡᠨ ᠪᠠᠢᠬᠤ ᠳᠠ! 
       ᠰᠢᠯᠤᠭᠤᠨ ᠬᠥᠬᠡ ᠶ᠋ᠢᠨ ᠮᠢᠨᠢ ᠰᠢᠷ᠎ᠠ ᠲᠠᠯ᠎ᠠ ᠶ᠋ᠢᠨ ᠳᠤᠮᠳᠠ ᠰᠢᠷᠬ᠎ᠠ ᠲᠠᠢ ᠰᠦᠨᠳᠡᠷᠯᠡᠭᠡ ᠳᠡᠭᠡᠳᠦ ᠨᠡᠢᠰᠯᠡᠯ ᠮᠢᠨᠢ ᠡᠭᠦᠯᠡᠨ ᠳ᠋ᠦ᠍ ᠳᠠᠯᠳᠠᠯᠠᠭᠳᠠᠵᠤ᠂ ᠥᠷᠥᠴᠡᠨ ᠳ᠋ᠦ᠍ ᠳᠠᠷᠬᠠᠯᠠᠭᠳᠠᠵᠤ᠂ ᠬᠣᠯᠠ ᠳ᠋ᠤ᠌ ᠠᠨᠢᠷ ᠢ᠋ᠶ᠋ᠠᠨ ᠥᠭᠭᠦᠭᠰᠡᠭᠡᠷ ᠠᠷᠤ ᠳ᠋ᠤ᠌ ᠮᠢᠨᠢ ᠨᠢᠯᠪᠤᠰᠤ ᠲᠠᠢ ᠳᠠᠯᠳᠠᠷᠠᠪᠠ᠃ 
       ᠬᠥᠨᠳᠡᠭᠦᠷ ᠶᠡᠬᠡᠲᠡᠢ ᠳᠡᠭᠡᠳᠦ ᠨᠡᠢᠰᠯᠡᠯ ᠮᠢᠨᠢ᠂ ᠬᠥᠮᠦᠨ ᠦ᠌ ᠬᠣᠷᠸ᠎ᠠ ᠶ᠋ᠢᠨ ᠬᠣᠩᠬᠣ ᠪᠤᠶᠤ ᠬᠥᠬᠡ ᠲᠡᠦᠬᠡ ᠶ᠋ᠢᠨ ᠮᠢᠨᠢ ᠴᠣᠩᠬᠣ ᠪᠤᠶᠤ ! 

                                        1995 ᠣᠨ 10 ᠰᠠᠷ᠎ᠠ ᠬᠥᠬᠡᠬᠣᠲᠠ 

ᠢᠷᠡᠯᠲᠡ ᠄《ᠤᠩᠰᠢᠬᠤ ᠪᠢᠴᠢᠭ》 

       ᠦᠰᠦᠭ ᠠᠮᠢᠯᠠᠭᠤᠯᠤᠭᠴᠢ ᠄ ᠭᠠᠸᠠ ᠦᠰᠦᠭ