ᠪᠣᠷᠣ ᠪᠣᠷᠣ ᠶᠢᠨ ᠪᠢᠯᠵᠤᠤᠬᠠᠢ - ᠱ ᠂ ᠭᠦᠷᠦᠪᠠᠽᠠᠷ Бор борын бялзуухай – Ш᠂ Гүрбазар
ᠪᠣᠷᠣ ᠪᠣᠷᠣ ᠶᠢᠨ ᠪᠢᠯᠵᠤᠤᠬᠠᠢ
ᠨᠠᠮᠤᠷ ᠤ᠋ᠨ ᠰᠠᠯᠬᠢ ᠶ᠋ᠢ ᠶᠠᠭᠠᠬᠢᠨᠠᠮ
ᠬᠦᠦ᠂ ᠥᠬᠢᠳ ᠮᠢᠨᠢ ᠥᠰᠦᠭᠡᠳ ᠢᠷᠡᠬᠦ ᠪᠡᠷ
ᠨᠡᠷᠡᠲᠦ ᠶ᠋ᠢᠨ ᠠᠶ᠎ᠠ ᠶ᠋ᠢ ᠶᠠᠭᠠᠬᠢᠨᠠᠮ
᠁ ᠳᠤᠷᠳᠤᠩ ᠪᠦᠰᠡ ᠰᠤᠯᠠᠷᠠᠭᠠᠳ ᠪᠠᠢᠬᠤ ᠪᠠᠷ
ᠲᠣᠷᠭᠠᠨ ᠤ᠋ ᠠᠭᠠᠰᠢ ᠶ᠋ᠢ ᠶᠠᠭᠠᠬᠢᠨᠠᠮ
ᠳᠤᠲᠠᠭᠤ ᠪᠣᠳᠣᠭᠰᠠᠨ ᠰᠢᠯᠦᠭ ᠢ᠋ᠶ᠋ᠡᠨ ᠬᠠᠷᠠᠬᠤ ᠪᠠᠷ
ᠲᠡᠭᠦᠪᠦᠷᠢ ᠪᠡᠨ ᠵᠡᠬᠡᠭᠡᠳ ᠶᠠᠭᠠᠬᠢᠨᠠᠮ
᠁ ᠮᠣᠷᠢᠳ ᠤ᠋ᠨ ᠬᠥᠯ ᠰᠤᠯᠠᠷᠠᠭᠠᠳ ᠢᠷᠡᠬᠦ ᠪᠡᠷ
ᠬᠣᠯᠠ ᠶ᠋ᠢᠨ ᠭᠠᠵᠠᠷ ᠢ᠋ᠶ᠋ᠠᠨ ᠶᠠᠭᠠᠬᠢᠨᠠᠮ
ᠮᠣᠩᠭᠣᠯ ᠭᠡᠬᠦ ᠡᠴᠡ ᠢᠴᠢᠭᠰᠡᠨ ᠲᠠ ᠨᠠᠷ
ᠬᠥᠬᠡ ᠲᠣᠯᠪᠣ ᠪᠠᠨ ᠶᠠᠭᠠᠬᠢᠨᠠᠮ
᠁ ᠨᠠᠮᠤᠷ ᠤ᠋ᠨ ᠰᠠᠯᠬᠢ ᠶ᠋ᠢ ᠳᠠᠭᠠᠭᠠᠬᠤ ᠦᠭᠡᠢ
ᠴᠢᠭᠲᠠᠭ᠎ᠠ ᠣᠭᠣᠰᠣᠷ ᠢ᠋ᠶ᠋ᠠᠨ ᠶᠠᠭᠠᠬᠢᠨᠠᠮ
ᠨᠠᠮᠠᠶ᠋ᠢ ᠯᠠ ᠬᠦᠯᠢᠶᠡᠭᠰᠡᠭᠡᠷ ᠥᠲᠡᠯᠬᠦ
ᠴᠢᠮᠠᠶ᠋ᠢ ᠪᠠᠨ ᠪᠢ ᠶᠠᠭᠠᠬᠢᠨᠠᠮ
᠁ ᠳᠠᠭᠤᠯᠠᠬᠤ ᠳᠠᠭᠤᠤ ᠦᠭᠡᠢ ᠴᠢᠯᠡᠪᠡᠯ
ᠨᠠᠢᠷ ᠢ᠋ᠶ᠋ᠠᠷ ᠶᠠᠭᠠᠬᠢᠨᠠᠮ
ᠳᠤᠷᠠᠰᠬᠤ ᠶᠠᠭᠤᠮ᠎ᠠ ᠦᠭᠡᠢ ᠥᠲᠡᠯᠪᠡᠯ
ᠨᠠᠰᠤᠯᠠᠭᠠᠳ ᠶᠠᠭᠠᠬᠢᠨᠠᠮ
᠁ ᠶᠠᠪᠠᠭᠠᠨ ᠬᠥᠮᠦᠨ ᠡᠴᠡ ᠬᠣᠴᠣᠷᠪᠠᠯ
ᠤᠨᠤᠭ᠎ᠠ ᠲᠠᠢ ᠪᠠᠢᠭᠠᠳ ᠶᠠᠭᠠᠬᠢᠨᠠᠮ
ᠶᠠᠪᠤᠭᠤᠯ ᠤ᠋ᠨ ᠦᠭᠡᠨ ᠳ᠋ᠦ᠍ ᠦᠨᠡᠮᠰᠢᠪᠡᠯ
ᠤᠬᠠᠭᠠᠨ ᠵᠠᠶᠠᠭᠠᠭᠠᠳ ᠶᠠᠭᠠᠬᠢᠨᠠᠮ
᠁ ᠡᠭᠦᠳᠡ ᠬᠣᠢᠮᠣᠷ ᠨᠢᠭᠡᠰᠭᠡᠬᠦ ᠪᠡᠷ
ᠭᠣᠯᠣᠮᠲᠠ ᠶᠠᠭᠠᠬᠢᠨᠠᠮ
ᠦᠨᠡᠨ ᠬᠤᠳᠠᠯ ᠦᠭᠡᠰᠡᠬᠦ ᠪᠡᠷ
ᠭᠣᠮᠣᠳᠠᠭᠠᠳ ᠴᠤ᠌ ᠶᠠᠭᠠᠬᠢᠨᠠᠮ
᠁ ᠨᠠᠷᠠ ᠮᠠᠨᠳᠤᠬᠤ ᠪᠠᠨ ᠵᠠᠯᠬᠠᠭᠤᠷᠠᠪᠠᠯ
ᠡᠳᠦᠷ ᠶᠠᠭᠠᠬᠢᠨᠠᠮ
ᠨᠠᠪᠴᠢ ᠥᠩᠭᠡ ᠪᠡᠨ ᠭᠣᠯᠣᠪᠠᠯ
ᠦᠨᠳᠦᠰᠦ ᠶᠠᠭᠠᠬᠢᠨᠠᠮ
ᠪᠣᠷᠣ ᠪᠣᠷᠣ ᠶ᠋ᠢᠨ ᠪᠢᠯᠵᠤᠤᠬᠠᠢ
ᠪᠣᠰᠤᠨ ᠰᠠᠭᠤᠨ ᠵᠢᠷᠭᠢᠪᠡᠴᠦ
ᠪᠣᠳᠣᠯ ᠳᠣᠲᠣᠷ᠎ᠠ ᠪᠠᠨ ᠤᠢᠮᠤᠷᠠᠭᠰᠠᠨ
ᠥᠪᠡᠷ ᠢ᠋ ᠪᠡᠨ ᠪᠢ ᠶᠠᠭᠠᠬᠢᠨᠠᠮ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
