ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 8 Нэгэн ном тавцан үн өдөр үн тэмдэглэлээс – 8
ᠠᠭᠤᠳᠠᠮ ᠲᠠᠯᠠᠪᠠᠢ ᠳᠡᠭᠡᠷ᠎ᠡ ᠨᠢᠭᠡ ᠡᠪᠦᠭᠡᠨ ᠡᠯᠳᠡᠪ ᠥᠩᠭᠡ ᠶ᠋ᠢᠨ ᠬᠡᠢ ᠪᠥᠮᠪᠥᠭᠡ ᠬᠤᠳᠠᠯᠳᠤᠵᠤ ᠪᠠᠢᠭᠰᠠᠨ ᠶᠤᠮ ᠪᠠᠢᠨ᠎ᠠ᠃ ᠡᠭᠦᠨ ᠦ᠌ ᠳᠣᠲᠣᠷ᠎ᠠ ᠨᠢ ᠴᠣᠷ ᠤ᠋ᠨ ᠭᠠᠭᠴᠠ ᠬᠠᠷ᠎ᠠ ᠥᠩᠭᠡᠲᠡᠢ ᠬᠡᠢ ᠪᠥᠮᠪᠥᠭᠡ ᠪᠠᠢᠵᠠᠢ᠃ ᠲᠡᠭᠦᠨ ᠢ᠋ ᠨᠢ ᠴᠦ᠍ ᠪᠤᠰᠤᠳ ᠥᠩᠭᠡ ᠶ᠋ᠢᠨ ᠬᠡᠢ ᠪᠥᠮᠪᠥᠭᠡ ᠡᠴᠡ ᠪᠡᠨ ᠬᠢᠮᠳᠠᠬᠠᠨ ᠬᠤᠳᠠᠯᠳᠤᠵᠤ ᠪᠠᠢᠪᠠ᠃ ᠮᠠᠰᠢ ᠣᠯᠠᠨ ᠬᠡᠦᠬᠡᠳ ᠬᠡᠢ ᠪᠥᠮᠪᠥᠭᠡ ᠶ᠋ᠢ ᠨᠢ ᠠᠪᠴᠤ ᠠᠭᠠᠷ ᠲᠤ ᠲᠠᠯᠪᠢᠵᠤ ᠨᠠᠭᠠᠳᠴᠤ ᠪᠠᠢᠬᠤ ᠳ᠋ᠤ᠌ ᠨᠢᠭᠡᠨ ᠵᠢᠭᠠᠯ ᠬᠦᠦ ᠠᠪᠤ ᠲᠠᠢ ᠪᠠᠨ ᠢᠷᠡᠵᠦ ᠬᠡᠢ ᠪᠥᠮᠪᠥᠭᠡ ᠠᠪᠤᠯ᠎ᠠ᠃ ᠲᠡᠭᠡᠭᠡᠳ ᠠᠪᠤ ᠨᠢ ᠬᠦᠦ ᠲᠡᠢ ᠪᠡᠨ ᠶᠠᠷᠢᠵᠤ ᠪᠠᠢᠭᠠᠳ ᠬᠠᠷ᠎ᠠ ᠥᠩᠭᠡ ᠲᠡᠢ ᠶ᠋ᠢ ᠨᠢ ᠠᠪᠤᠭᠤᠯᠤᠭᠰᠠᠨ ᠪᠠᠢᠨ᠎ᠠ᠃ ᠶᠠᠭᠠᠬᠢᠭᠠᠳ ᠭᠡᠪᠡᠯ ᠲᠡᠭᠦᠨ ᠦ᠌ ᠦᠨ᠎ᠡ ᠨᠢ ᠬᠢᠮᠳᠠ᠃ ᠲᠡᠭᠡᠭᠡᠳ ᠬᠡᠢ ᠪᠥᠮᠪᠥᠭᠡ ᠪᠡᠨ ᠲᠠᠯᠪᠢᠭᠠᠳ ᠶᠠᠪᠤᠭᠤᠯᠬᠤ ᠳ᠋ᠤ᠌ ᠨᠢᠭᠡ ᠯᠡ ᠠᠳᠠᠯᠢ ᠠᠭᠠᠷ ᠲᠤ ᠳᠡᠭᠳᠡᠭᠰᠡᠨ ᠪᠠᠢᠨ᠎ᠠ᠃ ᠵᠢᠭᠠᠯ ᠬᠦᠦ ᠴᠦ᠍ ᠮᠠᠰᠢ ᠪᠠᠶᠠᠷᠲᠠᠢ ᠲᠡᠭᠦᠨ ᠢ᠋ ᠪᠡᠨ ᠬᠠᠷᠠᠭᠠᠳ ᠦᠰᠦᠷᠴᠦ ᠬᠥᠭᠡᠷᠦᠭᠰᠡᠨ ᠪᠠᠢᠯ᠎ᠠ᠃ ᠡᠨᠡ ᠦᠶᠡᠰ ᠠᠪᠤ ᠨᠢ ᠬᠦᠦ ᠳ᠋ᠦ᠍ ᠪᠡᠨ᠄《ᠡᠨᠡ ᠪᠥᠮᠪᠥᠭᠡ ᠶᠠᠮᠠᠷ ᠥᠩᠭᠡ ᠲᠡᠢ ᠪᠠᠢᠬᠤ ᠨᠢ ᠬᠠᠮᠢᠭ᠎ᠠ ᠦᠭᠡᠢ᠂ ᠠᠯᠢ ᠪᠥᠮᠪᠥᠭᠡ ᠴᠦ᠍ ᠭᠡᠳ ᠳᠣᠲᠣᠷ᠎ᠠ ᠨᠢ ᠤᠰᠤᠲᠥ᠋ᠷᠥᠭᠴᠢ ᠣᠷᠣᠳᠠᠭ ᠯᠠ ᠪᠣᠯ ᠪᠦᠷ ᠠᠭᠠᠷ ᠲᠤ ᠳᠡᠭᠳᠡᠵᠦ ᠴᠢᠳᠠᠨ᠎ᠠ》 ᠭᠡᠵᠦ ᠬᠡᠯᠡᠭᠰᠡᠨ ᠪᠠᠢᠯ᠎ᠠ᠃ ᠡᠭᠦᠨ ᠲᠡᠢ ᠠᠳᠠᠯᠢ ᠪᠠᠷ ᠬᠥᠮᠦᠨ ᠭᠡᠳᠡᠭ ᠴᠦ᠍ ᠵᠢᠰᠦ ᠪᠤᠶᠤ ᠥᠩᠭᠡ ᠪᠡᠷ ᠪᠣᠯᠬᠤ ᠪᠢᠰᠢ᠂ ᠬᠠᠷᠢᠨ ᠡᠨᠡ ᠬᠥᠮᠦᠨ ᠦ᠌ ᠳᠣᠲᠣᠭᠠᠳᠤ ᠰᠡᠳᠬᠢᠯ᠂ ᠳᠣᠲᠣᠭᠠᠳᠤ ᠮᠡᠳᠡᠷᠡᠮᠵᠢ ᠲᠡᠢ ᠬᠣᠯᠪᠣᠭᠳᠠᠳᠠᠭ᠃ ᠡᠢᠮᠦ ᠬᠥᠮᠦᠨ ᠥᠨᠳᠥᠷ ᠲᠤ ᠨᠢᠰᠴᠦ ᠣᠷᠭᠢᠯ ᠳ᠋ᠤ᠌ ᠪᠠᠨ ᠬᠦᠷᠴᠦ ᠴᠢᠳᠠᠨ᠎ᠠ ᠭᠡᠵᠦ ᠪᠢ ᠪᠣᠳᠣᠳᠠᠭ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
