ᠰᠠᠢᠬᠠᠨ ᠴᠡᠩᠬᠡᠷ ᠬᠥᠳᠡᠭᠡ — ᠪᠠᠪᠤᠤ ᠶ᠋ᠢᠨ ᡀᠬᠠᠪᠠᠰᠥ᠋ᠷᠦᠩ Сайхан цэнхэр хөдөө — Бавуугийн Лхагвасүрэн
ᠰᠠᠢᠬᠠᠨ ᠴᠡᠩᠬᠡᠷ ᠬᠥᠳᠡᠭᠡ
ᠵᠥᠷᠢᠭᠦᠳ ᠰᠠᠯᠬᠢ ᠲᠠᠢ
ᠵᠦᠭ ᠦᠭᠡᠢ ᠡᠪᠡᠰᠦ ᠲᠡᠢ
ᠵᠥᠩᠭᠡᠷ ᠰᠠᠷ᠎ᠠ ᠲᠠᠢ
ᠵᠥᠩᠳᠡᠭᠡᠨ ᠣᠳᠣ ᠲᠠᠢ
ᠵᠥᠪ ᠰᠠᠨᠠᠭ᠎ᠠ ᠲᠠᠢ
ᠵᠥᠭᠡᠯᠡᠬᠡᠨ ᠠᠭᠠᠷ ᠲᠠᠢ
ᠵᠦᠩ ᠰᠤᠪᠢᠨ ᠲᠠᠢ
ᠬᠣᠲᠠᠨ ᠳ᠋ᠠᠭᠠᠨ ᠰᠦᠷᠦᠭ ᠲᠡᠢ
ᠬᠣᠢᠮᠣᠷ ᠲᠠᠭᠠᠨ ᠪᠤᠷᠬᠠᠨ ᠲᠠᠢ
ᠲᠣᠭᠣᠭᠠᠨ ᠳ᠋ᠠᠭᠠᠨ ᠨᠠᠷᠠ ᠲᠠᠢ
ᠲᠣᠲᠣᠭᠣᠨ ᠳ᠋ᠠᠭᠠᠨ ᠠᠳᠢᠰ ᠲᠠᠢ
ᠬᠣᠯᠠ ᠪᠠᠢᠬᠤ ᠶ᠋ᠢᠨ ᠠᠷᠭ᠎ᠠ ᠦᠭᠡᠢ
ᠤᠨᠠᠭᠠᠨ ᠳ᠋ᠧᠪᠠᠵᠠᠨ
ᠬᠣᠪ ᠪᠠᠭᠲᠠᠬᠤ ᠶ᠋ᠢᠨ ᠠᠷᠭ᠎ᠠ ᠦᠭᠡᠢ
ᠴᠤᠤᠷᠢᠶ᠎ᠠ ᠳᠡᠯᠭᠡᠭᠰᠡᠨ ᠬᠥᠳᠡᠭᠡ
ᠬᠣᠲᠠ ᠭᠡᠳᠡᠭ ᠳᠡᠷᠭᠡᠳᠡ ᠨᠢ
ᠬᠦᠰᠡᠭᠰᠡᠨ ᠪᠦᠬᠦᠨ ᠦ᠌
ᠣᠪᠣᠭᠠᠯᠠᠭᠰᠠᠨ ᠰᠢᠪᠡᠷ
ᠬᠣᠲᠠ ᠭᠡᠳᠡᠭ ᠬᠠᠵᠠᠭᠤ ᠳ᠋ᠤᠨᠢ
ᠬᠥᠮᠦᠨ ᠴᠢᠨᠠᠷ ᠤ᠋ᠨ
ᠣᠷᠣᠰᠢᠭᠤᠯᠭ᠎ᠠ ᠶ᠋ᠢᠨ ᠭᠠᠵᠠᠷ
ᠮᠠᠩᠬᠠᠨ ᠨᠢ
ᠳᠠᠭᠤᠯᠠᠵᠤ ᠨᠤᠷᠠᠭᠰᠠᠨ
ᠮᠠᠨᠠᠨ ᠨᠢ
ᠤᠬᠢᠯᠠᠵᠤ ᠬᠥᠭᠯᠡᠷᠡᠭᠰᠡᠨ
ᠨᠤᠭᠤ ᠨᠢ
ᠴᠡᠴᠡᠭᠡᠨ ᠳ᠋ᠡᠭᠡᠨ ᠪᠢᠯᠠᠭᠤᠷᠠᠭᠰᠠᠨ
ᠨᠠᠭᠤᠷ ᠨᠢ
ᠰᠢᠪᠠᠭᠤᠨ ᠳ᠋ᠠᠭᠠᠨ ᠪᠠᠭᠲᠠᠷᠠᠭᠰᠠᠨ
ᠤᠶᠠᠭᠠᠨ ᠳ᠋ᠤᠨᠢ
ᠮᠣᠷᠢᠳ ᠪᠠᠭᠰᠢᠷᠠᠭᠰᠠᠨ
ᠤᠬᠠᠭᠠᠨ ᠳ᠋ᠤᠨᠢ
ᠳᠡᠯᠡᠬᠡᠢ ᠪᠠᠭᠲᠠᠭᠰᠠᠨ
ᠬᠣᠷᠭᠣᠳᠠᠭᠠᠳ ᠰᠠᠯᠬᠤ ᠶ᠋ᠢᠨ ᠠᠷᠭ᠎ᠠ ᠦᠭᠡᠢ
ᠬᠣᠯᠠᠬᠢ ᠴᠠᠢᠳᠠᠮ
ᠰᠠᠨᠠᠬᠤ ᠦᠭᠡᠢ ᠪᠠᠢᠬᠤ ᠶ᠋ᠢᠨ ᠠᠷᠭ᠎ᠠ ᠦᠭᠡᠢ
ᠰᠠᠢᠬᠠᠨ ᠴᠡᠩᠬᠡᠷ ᠬᠥᠳᠡᠭᠡ
ᠬᠣᠲᠠ ᠭᠡᠳᠡᠭ ᠳᠡᠷᠭᠡᠳᠡ ᠨᠢ
ᠠᠮᠢ ᠪᠠᠨ ᠵᠠᠭᠤᠵᠤ ᠮᠠᠢᠨᠡᠩᠨᠡᠭᠰᠡᠨ
《ᠬᠥᠮᠦᠨ》ᠰᠢᠷᠭᠤᠯᠵᠢ ᠶ᠋ᠢᠨ ᠵᠣᠷᠭ᠎ᠠ
ᠬᠣᠲᠠ ᠭᠡᠳᠡᠭ ᠬᠠᠵᠠᠭᠤ ᠳ᠋ᠤᠨᠢ
ᠠᠲᠠᠭ᠎ᠠ ᠵᠢᠲᠥᠭᠡ ᠪᠣᠭᠯᠠᠭᠰᠠᠨ
ᠠᠯᠠᠭ ᠡᠷᠢᠶᠡᠨ ᠵᠢᠷᠤᠭ᠃
2012 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
