ᠫᠣᠷᠣᠷᠣ᠋ ᠨᠢᠭᠡᠳᠦᠭᠡᠷ ᠪᠦᠯᠦᠭ17 ᠠᠩᠭᠢ ПоророPororo ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ17 ᠠᠩᠭᠢ ПоророPororo

ᠫᠣᠷᠣᠷᠣ᠋ ᠨᠢᠭᠡᠳᠦᠭᠡᠷ ᠪᠦᠯᠦᠭ17 ᠠᠩᠭᠢ ПоророPororo

2024-12-17

981

ᠫᠣᠷᠣᠷᠣ᠋ ᠨᠢᠭᠡᠳᠦᠭᠡᠷ ᠪᠦᠯᠦᠭ17 ᠠᠩᠭᠢ

ᠪᠢᠴᠢᠬᠠᠨ ᠣᠴᠣᠩ ᠰᠢᠪᠠᠭᠤ ᠫᠣᠷᠣᠷᠣ᠋ 
ᠡᠬᠢᠯᠡᠯᠲᠡ ᠶᠢᠨ ᠳᠠᠭᠤᠤ 
ᠬᠥᠶᠢ ᠫᠣᠷᠣᠷᠣ᠋ ᠪᠠᠢᠨ᠎ᠠ  
ᠲᠣᠭᠯᠠᠬᠤ ᠮᠠᠨᠢ ᠬᠠᠮᠤᠭ ᠤ᠋ᠨ ᠭᠣᠶᠣ 
ᠨᠠᠢᠵᠠ ᠨᠤᠭᠤᠳ ᠠ᠋! ᠴᠤᠭᠯᠠᠭᠠᠷᠠᠢ 
ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
ᠬᠡᠵᠢᠶᠡᠳᠡ ᠴᠦ᠍ ᠰᠣᠨᠢᠷᠬᠠᠯᠲᠠᠢ
ᠥᠨᠥᠳᠥᠷ ᠪᠠᠰᠠ ᠶᠠᠭᠤ ᠪᠣᠯᠬᠤ ᠪᠣᠯ ᠫᠣᠷᠣᠷᠣ᠋
ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋
ᠫᠤᠷᠤ ᠫᠤᠷᠤ ᠫᠤᠷᠤ ᠫᠤᠷᠤ ᠫᠣᠷᠣᠷᠣ᠋
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋

ᠬᠢ ᠬᠢ ᠬᠠ ᠬᠠ
ᠺᠷᠣᠨ ᠤ᠋ ᠵᠤᠯᠠ ᠰᠠᠷ᠎ᠠ
ᠬᠦᠦᠷᠨᠢᠭᠴᠢ᠄ ᠵᠤᠯᠠ ᠰᠠᠷ᠎ᠠ ᠠᠢᠯᠴᠢᠯᠠᠨ ᠢᠷᠡᠯ᠎ᠡ ᠫᠣᠷᠣᠷᠣ᠋ ᠪᠣᠯᠤᠨ ᠲᠡᠭᠦᠨ ᠦ᠌ ᠨᠠᠢᠵᠠ ᠨᠤᠭᠤᠳ ᠵᠤᠯᠠ ᠰᠠᠷ᠎ᠠ ᠶᠢ ᠬᠡᠷᠬᠢᠨ ᠲᠡᠮᠳᠡᠭᠯᠡᠵᠦ ᠥᠩᠭᠡᠷᠡᠭᠡᠬᠦ ᠪᠣᠯ ᠁
ᠫᠣᠷᠣᠷᠣ᠋᠄ ᠵᠤᠯᠠ ᠰᠠᠷ᠎ᠠ ᠶᠢᠨ ᠡᠮᠦᠨᠡᠬᠢ ᠡᠳᠦᠷ ᠤᠨ ᠰᠥᠨᠢ ᠰᠠᠨᠲ᠋ᠣ ᠡᠪᠦᠭᠡ(Santa Claus)ᠢᠷᠡᠵᠦ ᠬᠡᠦᠬᠡᠳ ᠤᠳ ᠲᠦ᠍ ᠪᠡᠯᠡᠭ ᠢ᠋ ᠲᠠᠷᠠᠭᠠᠵᠤ ᠥᠭᠭᠦᠨ᠎ᠡ 
ᠲᠡᠭᠡᠬᠦ ᠪᠡᠷ ᠮᠠᠷᠭᠠᠰᠢ ᠰᠠᠨᠲ᠋ᠣ ᠡᠪᠦᠭᠡ ᠢᠷᠡᠨ᠎ᠡ ᠭᠡᠰᠡᠨ ᠦᠭᠡ 
ᠺᠷᠣᠨ᠄ ᠺᠣᠷᠠ ᠺᠣᠷᠠ ᠺᠣᠷᠠ
ᠫᠣᠷᠣᠷᠣ᠋᠄ ᠭᠡᠬᠦ ᠳᠡᠭᠡᠨ ᠮᠠᠭᠤ ᠵᠦᠢᠯ ᠢ᠋ ᠬᠢᠳᠡᠭ ᠬᠡᠦᠬᠡᠳ ᠲᠦ᠍ ᠪᠡᠯᠡᠭ ᠥᠭᠳᠡᠭ ᠦᠭᠡᠢ ᠭᠡᠰᠡᠨ ᠡ
ᠺᠷᠣᠨ᠄ ᠺᠣᠷᠠ ᠺᠣᠷᠠ ᠺᠣᠷᠠ
ᠺᠷᠣᠨ ᠴᠢ ᠭᠡᠨᠡᠳᠲᠡ ᠭᠡᠷ ᠴᠡᠪᠡᠷᠯᠡᠭᠡᠳ ᠪᠠᠢᠨ᠎ᠠ ᠤᠤ
ᠬᠦᠦᠷᠨᠢᠭᠴᠢ᠄ ᠺᠷᠣᠨ ᠭᠡᠨᠡᠳᠲᠡ ᠰᠠᠢᠨ ᠬᠡᠦᠬᠡᠳ ᠪᠣᠯᠴᠢᠬᠠᠯ᠎ᠠ
ᠣᠯᠠᠨ᠄ ᠫᠣᠷᠣᠷᠣ᠋ ᠠ᠋ ᠰᠠᠢᠨ ᠤᠤ ?
ᠫᠣᠷᠣᠷᠣ᠋᠄ ᠲᠠ ᠨᠠᠷ ᠢᠷᠡᠭᠰᠡᠨ ᠤᠤ 
ᠯᠦᠦᠫᠢ᠄ ᠥᠨᠥᠳᠥᠷ ᠵᠤᠯᠠ ᠰᠠᠷ᠎ᠠ ᠪᠠᠨ ᠲᠡᠮᠳᠡᠭᠯᠡᠬᠦ ᠪᠡᠷ ᠲᠣᠬᠢᠷᠠᠭᠰᠠᠨ ᠪᠢᠵᠡ ᠳᠡ
ᠫᠣᠪᠢ᠄ ᠺᠷᠣᠨ ᠶᠠᠭᠠᠬᠢᠭᠰᠠᠨ ᠪᠣᠢ?
ᠺᠷᠣᠨ᠄ ᠺᠣᠷᠠ ᠺᠣᠷᠠ ᠺᠣᠷᠠ
ᠫᠣᠷᠣᠷᠣ᠋᠄ ᠰᠠᠨᠲ᠋ᠣ ᠡᠪᠦᠭᠡ ᠶᠢᠨ ᠲᠤᠬᠠᠢ ᠨᠣᠮ ᠤᠩᠰᠢᠵᠤ ᠥᠭᠭᠦᠭᠰᠡᠨ ᠴᠢᠨᠢ ᠡᠢᠮᠦ ᠪᠣᠯᠤᠭᠰᠠᠨ
ᠫᠣᠪᠢ᠄ ᠰᠠᠨᠲ᠋ᠣ ᠡᠪᠦᠭᠡ᠁
ᠯᠦᠦᠫᠢ᠄ ᠬᠢ ᠬᠢ᠁ ᠵᠤᠯᠠ ᠰᠠᠷ᠎ᠠ ᠪᠠᠷ ᠪᠡᠯᠡᠭ ᠠᠪᠬᠤ ᠭᠡᠳ ᠯᠡ ᠢᠩᠭᠢᠭᠡᠳ ᠪᠠᠢᠭ᠎ᠠ ᠶᠤᠮ ᠪᠠᠢᠨ᠎ᠠ
ᠧᠳᠢ᠄ ᠨᠠᠢᠵᠠ ᠨᠤᠭᠤᠳ ᠠ᠋ ᠨᠠᠳᠠ ᠳ᠋ᠤ᠌ ᠨᠢᠭᠡ ᠰᠠᠨᠠᠭ᠎ᠠ ᠪᠠᠢᠨ᠎ᠠ᠂ ᠴᠤᠭᠯᠠᠷᠠᠭᠠᠷᠠᠢ!
ᠪᠢ ᠪᠠᠢᠨ᠎ᠠ ᠰᠢᠳᠡ᠂ᠲᠡᠭᠡᠬᠦ ᠪᠡᠷ᠁ 
ᠺᠷᠣᠨ᠄ ᠺᠣᠷᠠ ᠺᠣᠷᠠ 
ᠯᠦᠦᠫᠢ᠄ ᠺᠷᠣᠨ ᠶᠠᠭᠤ ᠴᠤ᠌ ᠪᠢᠰᠢ ᠠ᠋᠂ ᠣᠳᠣ ᠪᠠᠶᠠᠷ ᠢ᠋ᠶ᠋ᠠᠨ ᠲᠡᠮᠳᠡᠭᠯᠡᠵᠡᠭᠡᠶ᠎ᠡ
ᠺᠷᠣᠨ᠄ ᠺᠣᠷᠠ ᠺᠣᠷᠠ ᠺᠣᠷᠠ ᠺᠣᠷᠠ
ᠣᠯᠠᠨ᠄ ᠬᠡ ᠬᠡ ᠁ ᠵᠤᠯᠠ ᠰᠠᠷ᠎ᠠ ᠶᠢᠨ ᠮᠡᠨᠳᠦ ᠬᠦᠷᠭᠡᠶ᠎ᠡ!
ᠺᠷᠣᠨ᠄ ᠺᠣᠷᠠ
ᠫᠣᠷᠣᠷᠣ᠋᠄ ᠵᠤᠯᠠ ᠰᠠᠷ᠎ᠠ ᠶᠢᠨ ᠮᠡᠨᠳᠦ!

ᠫᠣᠷᠣᠷᠣ᠋᠄ ᠤᠨᠲᠠᠭᠰᠠᠨ ᠭᠡᠵᠦ ᠪᠣᠳᠣᠭᠰᠠᠨ ᠴᠢᠨᠢ᠁
ᠺᠷᠣᠨ᠄ ᠺᠣᠷᠠ ᠺᠣᠷᠠ
ᠫᠣᠪᠢ᠄ ᠶᠠ ᠣᠳᠣ ᠶᠠᠭᠠᠬᠢᠬᠤ ᠪᠤᠢ?
ᠺᠷᠣᠨ᠄ ᠺᠣᠷᠠ ᠺᠣᠷᠠ
ᠯᠦᠦᠫᠢ᠄ ᠡᠨᠡ ᠶᠠᠭᠠᠬᠢᠨ᠎ᠠ? ᠣᠳᠣ ᠮᠢᠨᠦ ᠣᠷᠣᠬᠤ ᠡᠭᠡᠯᠵᠢ ᠪᠣᠯᠤᠭᠰᠠᠨ ᠤᠤ?
ᠺᠷᠣᠨ᠄ ᠺᠣᠷᠠ ᠺᠣᠷᠠ ᠺᠣᠷᠠ ᠺᠣᠷᠠ ᠺᠣᠷᠠ
ᠫᠣᠷᠣᠷᠣ᠋᠄ ᠺᠷᠣᠨ 
ᠺᠷᠣᠨ᠄ ᠺᠣᠷᠠ ᠺᠣᠷᠠ ᠺᠣᠷᠠ
ᠧᠳᠢ᠄ ᠪᠠᠰᠠ ᠯᠠ ᠴᠢᠳᠠᠭᠰᠠᠨ ᠦᠭᠡᠢ ᠤᠤ?
ᠯᠦᠦᠫᠢ᠄ ᠪᠣᠯᠬᠤ ᠦᠭᠡᠢ ᠶᠦᠮ ᠪᠠᠢᠨ᠎ᠠ 
ᠫᠣᠪᠢ᠄ ᠣᠳᠣ ᠶᠠᠭᠠᠬᠢᠬᠤ ᠪᠣᠢ?
ᠯᠦᠦᠫᠢ᠄ ᠶᠠᠮᠠᠷ ᠲᠠᠢ ᠴᠤ᠌ ᠭᠡᠷ ᠲᠡᠭᠡᠨ ᠬᠠᠷᠢᠵᠠᠭᠠᠶ᠎ᠠ 
ᠫᠣᠪᠢ᠄ ᠯᠦᠦᠫᠢ ᠲᠠᠨ ᠤ᠋ ᠭᠡᠷ ᠲᠦ᠍᠁
ᠯᠦᠦᠫᠢ᠄ ᠶᠠᠭᠠᠬᠢᠭᠠᠳ ᠭᠡᠷᠡᠯ ᠠᠰᠠᠭᠠᠯᠲᠠ ᠲᠠᠢ ᠪᠠᠢᠭ᠎ᠠ ᠶᠤᠮ ᠪᠣᠯ? ᠠᠷᠠᠢ᠁
ᠣᠯᠠᠨ᠄ ᠣᠴᠢᠵᠤ ᠬᠠᠷᠠᠶ᠎ᠠ᠂ᠣᠷᠣᠵᠠᠭᠠᠶ᠎ᠠ 
ᠯᠦᠦᠫᠢ᠄ ᠶᠠᠭᠤ ᠶᠤᠮ ᠪᠣᠯ?
ᠠ! ᠠ!
ᠬᠦᠦᠷᠨᠢᠭᠴᠢ᠄ ᠫᠣᠷᠣᠷᠣ᠋ ᠶᠢᠨ ᠨᠠᠢᠵᠠ ᠨᠤᠭᠤᠳ ᠣᠳᠣ ᠯᠠ ᠤᠨᠲᠠᠬᠤ ᠰᠢᠭ 
ᠡᠨᠡ ᠪᠣᠯ ᠫᠣᠷᠣᠷᠣ᠋ ᠶᠢᠨ ᠪᠡᠯᠡᠭ᠂ ᠬᠠᠷᠢᠨ ᠡᠨᠡ ᠺᠷᠣᠨ ᠤ᠋ ᠪᠡᠯᠡᠭ
ᠵᠤᠯᠠ ᠰᠠᠷ᠎ᠠ ᠶᠢᠨ ᠮᠡᠨᠳᠦ ᠬᠦᠷᠭᠡᠶ᠎ᠡ!
ᠴᠠᠰᠤ ᠮᠥᠰᠥᠨ ᠦ᠌ ᠣᠷᠣᠨ ᠤ᠋ ᠵᠤᠯᠠ ᠰᠠᠷ᠎ᠠ ᠶᠢᠨ ᠡᠮᠦᠨᠡᠬᠢ ᠰᠥᠨᠢ ᠡᠢᠨ ᠬᠦ᠌ ᠪᠣᠯᠵᠤ ᠥᠩᠭᠡᠷᠡᠪᠡ᠃

ᠲᠡᠭᠦᠰᠬᠡᠯ ᠤᠨ ᠳᠠᠭᠤᠤ
ᠯᠠ ᠯᠠ᠁ ᠯᠠ᠁ ᠺᠣᠷᠠ
ᠯᠠ ᠯᠠ᠁ ᠯᠠ᠁ ᠺᠣᠷᠠ
ᠯᠠ ᠯᠠ᠁ ᠯᠠ ᠯᠠ᠁ ᠯᠠ ᠺᠣᠷᠠ
ᠮᠥᠰᠥᠨ ᠦ᠌ ᠴᠠᠭᠠᠨ ᠪᠠᠭᠠᠪᠠᠭᠠᠢ ᠫᠣᠪᠢ
ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠧᠳᠢ
ᠰᠠᠢᠬᠠᠨ ᠰᠡᠳᠬᠢᠯᠲᠦ ᠮᠢᠨᠵᠢ ᠥᠬᠢᠨ ᠯᠦᠦᠫᠢ
ᠳ᠋ᠢᠨᠰᠠᠪᠤᠤᠷ ᠤ᠋ᠨ ᠵᠤᠯᠵᠠᠭ᠎ᠠ ᠺᠷᠣᠨ
ᠰᠠᠬᠢᠯᠭ᠎ᠠ ᠦᠭᠡᠢ ᠪᠠᠨᠳᠢ ᠫᠣᠷᠣᠷᠣ᠋
ᠪᠢᠳᠡ ᠪᠣᠯ ᠰᠠᠢᠨ ᠨᠠᠢᠵᠠ ᠨᠤᠭᠤᠳ
ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ
ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ
ᠦᠷᠭᠦᠯᠵᠢ ᠪᠡᠶ᠎ᠡ ᠪᠡᠶ᠎ᠡ ᠪᠡᠨ ᠣᠢᠯᠠᠭᠠᠵᠤ
ᠪᠢᠳᠡ ᠰᠠᠢᠨ ᠨᠠᠢᠵᠠ ᠨᠤᠭᠤᠳ ᠪᠢᠯᠡ
ᠶᠠ ᠶᠠ ᠁ ᠶᠠ ᠺᠣᠷᠠ ᠺᠣᠷᠠ   

    ᠦᠰᠦᠭ ᠠᠮᠢᠯᠠᠭᠤᠯᠤᠨ ᠬᠠᠳᠠᠭᠰᠠᠨ ᠨᠢ᠄ ᠪᠦᠷᠢᠨᠴᠡᠴᠡᠭ
    ᠬᠢᠨᠠᠭᠴᠢ᠄ ᠮᠥᠴᠢᠷ᠂ ᠱᠤᠳᠤᠷᠭᠤ᠂ ᠵ· ᠴᠡᠴᠡᠭ᠂ ᠪᠦᠷᠢᠨᠴᠡᠴᠡᠭ