ᠣᠷᠴᠢᠮᠬᠠᠨ ᠰᠦᠯᠵᠢᠶᠡᠨ ᠳᠡᠭᠡᠷ᠎ᠡ ᠡᠢᠮᠦ ᠨᠢᠭᠡᠨ ᠤᠴᠢᠷ ᠭᠠᠷᠤᠭᠰᠠᠨ ᠶᠤᠮ ᠪᠠᠢᠨ᠎ᠠ᠃ ᠳᠤᠮᠳᠠᠳᠤ ᠶ᠋ᠢᠨ ᠬᠣᠶᠠᠷ ᠨᠡᠷᠡᠲᠦ ᠣᠳᠣᠨ ᠪᠡᠶ᠎ᠡ ᠪᠡᠶ᠎ᠡ ᠪᠡᠨ ᠶᠡᠬᠡ ᠬᠠᠷᠢᠶᠠᠭᠰᠠᠨ ᠭᠡᠨ᠎ᠡ᠃ ᠶᠠᠷᠢᠶᠠᠨ ᠦᠭᠡᠢ ᠬᠡᠷᠡᠭᠦᠯ ᠬᠢᠪᠡᠯ ᠬᠣᠶᠠᠷ ᠲᠠᠯ᠎ᠠ ᠶ᠋ᠢ ᠥᠮᠥᠭᠡᠷᠡᠳᠡᠭ ᠬᠥᠮᠦᠰ ᠣᠯᠠᠨ ᠪᠠᠢᠳᠠᠭ᠃ ᠡᠨᠡ ᠬᠡᠷᠡᠭᠦᠯ ᠨᠡᠯᠢᠶᠡᠳ ᠤᠷᠲᠤ ᠬᠤᠭᠤᠴᠠᠭ᠎ᠠ ᠥᠩᠭᠡᠷᠡᠭᠰᠡᠨ ᠦ᠌ ᠰᠡᠭᠦᠯᠡᠷ ᠭᠡᠨᠡᠳᠲᠡ ᠨᠢᠭᠡ ᠲᠠᠯ᠎ᠠ ᠶ᠋ᠢᠨ ᠬᠢᠨᠢ ᠨᠡᠷᠡᠲᠦ ᠣᠳᠣ ᠨᠢ ᠮᠠᠰᠢ ᠤᠷᠲᠤ ᠪᠤᠷᠤᠭᠤ ᠬᠦᠯᠢᠶᠡᠬᠦ ᠵᠠᠬᠢᠳᠠᠯ ᠪᠢᠴᠢᠵᠡᠢ᠃ ᠡᠨᠡ ᠵᠠᠬᠢᠳᠠᠯ ᠳ᠋ᠤ᠌ ᠪᠠᠨ ᠥᠪᠡᠷ ᠦ᠋ᠨ ᠢ᠋ᠶ᠋ᠡᠨ ᠥᠩᠭᠡᠷᠡᠭᠰᠡᠨ ᠳ᠋ᠦ᠍ ᠬᠠᠷᠢᠶᠠᠭᠰᠠᠨ ᠬᠠᠷᠢᠶᠠᠯ ᠪᠤᠶᠤ ᠬᠥᠮᠦᠨ ᠢ᠋ ᠳᠣᠷᠣᠮᠵᠢᠯᠠᠭᠰᠠᠨ ᠪᠦᠬᠦᠢᠯᠡ ᠦᠢᠯᠡ ᠠᠵᠢᠯᠯᠠᠭ᠎ᠠ ᠪᠠᠨ ᠪᠤᠷᠤᠭᠤᠰᠢᠶᠠᠭᠰᠠᠨ ᠪᠠᠢᠨ᠎ᠠ᠃ ᠢᠩᠭᠢᠬᠦ ᠳ᠋ᠦ᠍ ᠨᠥᠭᠦᠭᠡ ᠲᠠᠯ᠎ᠠ ᠶ᠋ᠢ ᠳᠡᠮᠵᠢᠵᠦ ᠪᠠᠢᠭᠰᠠᠨ ᠬᠥᠮᠦᠰ ᠴᠦ᠍ ᠡᠨᠡ ᠬᠥᠮᠦᠨ ᠢ᠋ ᠲᠠᠯ᠎ᠠ ᠳ᠋ᠤ᠌ ᠢᠷᠡᠵᠦ ᠵᠣᠭᠰᠣᠭᠰᠠᠨ ᠪᠠᠢᠨ᠎ᠠ᠃ ᠦᠨᠡᠨ ᠳ᠋ᠦ᠍ ᠪᠡᠨ ᠠᠮᠢᠳᠤᠷᠠᠯ ᠳᠤᠮᠳᠠ ᠵᠢᠩᠬᠢᠨᠢ ᠬᠡᠨ ᠢᠯᠠᠵᠤ ᠪᠠᠢᠨ᠎ᠠ ᠪᠣᠢ? ᠭᠡᠪᠡᠯ ᠤᠷᠢᠳ ᠢ᠋ᠶ᠋ᠠᠷ ᠪᠤᠷᠤᠭᠤ ᠬᠦᠯᠢᠶᠡᠵᠦ ᠪᠠᠢᠭ᠎ᠠ ᠲᠡᠷᠡ ᠬᠥᠮᠦᠨ ᠶᠦᠮ᠃ ᠶᠠᠭᠠᠬᠢᠭᠠᠳ ᠭᠡᠪᠡᠯ ᠲᠡᠷᠡ ᠬᠥᠮᠦᠨ ᠰᠠᠶᠢ ᠠᠯᠤᠰ ᠬᠣᠯᠠ ᠶ᠋ᠢᠨ ᠪᠣᠳᠣᠯ ᠪᠤᠶᠤ ᠰᠡᠳᠬᠢᠯ ᠦ᠋ᠨ ᠲᠠᠮᠢᠷ ᠲᠠᠢ ᠪᠠᠢᠳᠠᠭ᠃ ᠡᠢᠮᠦ ᠬᠥᠮᠦᠨ ᠢ᠋ ᠰᠠᠶᠢ ᠨᠡᠩ ᠣᠯᠠᠨ ᠬᠥᠮᠦᠨ ᠠᠭᠤᠴᠢᠯᠠᠵᠤ ᠬᠠᠢᠷᠠᠯᠠᠵᠤ᠂ ᠡᠢᠮᠦ ᠬᠥᠮᠦᠨ ᠰᠠᠶᠢ ᠢᠷᠡᠭᠡᠳᠦᠢ ᠳ᠋ᠦ᠍ ᠨᠡᠩ ᠬᠣᠯᠠ ᠵᠠᠮ ᠢ᠋ ᠬᠥᠭᠡᠭᠡᠵᠦ ᠳᠡᠢᠯᠳᠡᠭ ᠭᠡᠵᠦ ᠪᠢ ᠪᠣᠳᠣᠳᠠᠭ᠂ ᠠᠲᠠᠭ᠎ᠠ ᠰᠡᠳᠬᠢᠯᠲᠡᠢ ᠬᠥᠮᠦᠰ ᠰᠠᠶᠢ ᠬᠡᠷᠡᠭᠦᠯ ᠢ᠋ ᠦᠷᠭᠦᠯᠵᠢᠯᠡᠭᠦᠯᠵᠦ ᠪᠠᠢᠳᠠᠭ᠃ ᠬᠠᠷᠢᠨ ᠠᠭᠤᠤ ᠰᠡᠳᠬᠢᠯ ᠲᠡᠢ ᠬᠥᠮᠦᠰ ᠬᠡᠵᠢᠶᠡᠳᠡ ᠬᠡᠷᠡᠭᠦᠯ ᠢ᠋ ᠪᠠᠭᠠᠰᠬᠠᠬᠤ ᠪᠤᠶᠤ ᠠᠭᠤᠴᠢᠯᠠᠵᠤ ᠪᠠᠢᠳᠠᠭ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ