ᠨᠤᠲᠤᠭ ᠡᠵᠢ- ᠳ ᠂ ᠤᠷᠠᠨᠴᠢᠮᠡᠭНутаг ээж- Д , уранчимэг
ᠨᠤᠲᠤᠭ ᠡᠵᠢ
ᠳ ᠂ᠤᠷᠠᠨᠴᠢᠮᠡᠭ (ᠰᠦᠪᠧᠢ)
ᠡᠪᠡᠰᠦ ᠨᠣᠭᠣᠭ᠎ᠠ ᠳᠠᠭᠤᠳᠠᠭᠴᠢ ᠪᠣᠭᠱᠣᠷᠭ᠎ᠠ ᠪᠣᠯᠤᠨ
ᠥᠪᠡᠷ ᠦ᠋ᠨ ᠬᠡᠯᠡ ᠪᠡᠷ ᠳᠠᠭᠤᠯᠠᠨ ᠵᠢᠷᠭᠢᠮᠡᠷ
ᠥᠭᠡᠳᠡᠯᠡᠬᠦ ᠪᠡᠯᠭᠡᠰᠢᠶᠡᠯ ᠲᠡᠢ ᠥᠪᠥᠭᠡᠯᠵᠢᠨ ᠰᠢᠪᠠᠭᠤ ᠪᠣᠯᠤᠨ
ᠦᠳᠡᠯᠦᠭᠡ ᠪᠤᠭᠤᠷᠤᠯ ᠢ᠋ᠶ᠋ᠠᠨ ᠪᠠᠶᠠᠰᠬᠠᠨ ᠪᠥᠵᠢᠭᠯᠡᠮᠡᠷ
ᠨᠠᠰᠤᠲᠠᠳ ᠤ᠋ᠨ ᠰᠤᠷᠭᠠᠯ ᠢ᠋ᠶ᠋ᠠᠷ ᠲᠣᠮ ᠪᠣᠯᠭᠠᠨ
ᠨᠠᠷᠠᠨ ᠤ᠋ ᠭᠡᠷᠡᠯ ᠢ᠋ᠶ᠋ᠡᠷ ᠪᠡᠶ᠎ᠡ ᠪᠡᠨ ᠴᠡᠨᠡᠭᠯᠡᠨ
ᠨᠡᠷᠡᠲᠦ ᠬᠣᠷᠸ᠎ᠠ ᠳ᠋ᠤ᠌ ᠦᠨᠡᠨ ᠢ᠋ᠶ᠋ᠡᠷ ᠢ᠋ᠶ᠋ᠡᠨ ᠠᠮᠢᠳᠤᠷᠠᠨ
ᠨᠠᠮᠬᠠᠨ ᠲᠤᠯᠤᠭᠠᠳ ᠤ᠋ᠨ ᠴᠢᠯᠠᠭᠤ ᠪᠣᠯᠤᠨ ᠨᠤᠲᠤᠭ ᠢ᠋ᠶ᠋ᠠᠨ ᠡᠯᠢᠭᠡᠳᠡᠮᠡᠷ
ᠡᠨᠡ ᠥᠯᠵᠡᠢᠲᠦ ᠡᠳᠦᠷ ᠡᠯᠡᠰᠦᠨ ᠬᠣᠲᠠ ᠳ᠋ᠤ᠌
ᠡᠵᠢ ᠪᠡᠨ ᠬᠥᠲᠥᠯᠦᠭᠡᠳ ᠲᠠᠭᠠᠲᠠᠢ ᠪᠠᠢᠨ᠎ᠠ
ᠡᠨᠡᠷᠢᠯ ᠬᠠᠢᠷ᠎ᠠ ᠶ᠋ᠢᠨ ᠪᠦᠪᠡᠢ ᠶ᠋ᠢᠨ ᠠᠶᠠᠯᠭᠤ ᠲᠠᠢ
ᠡᠬᠡ ᠪᠤᠷᠬᠠᠨ ᠡᠭᠡᠰᠢᠭᠯᠡᠩᠲᠦ ᠬᠡᠯᠡ ᠬᠣᠶᠠᠷ ᠢ᠋ᠶ᠋ᠠᠨ ᠮᠠᠭᠲᠠᠮᠤ
ᠦᠰᠦᠭ ᠠᠮᠢᠯᠠᠭᠤᠯᠤᠭᠴᠢ᠄ ᠨᠡᠭᠦᠳᠡᠯ
ᠬᠢᠨᠠᠭᠴᠢ᠄ ᠣᠳᠬᠠᠨᠰᠣ᠎ᠠ
