ᠫᠣᠷᠣᠷᠣ᠋ ᠨᠢᠭᠡᠳᠦᠭᠡᠷ ᠪᠦᠯᠦᠭ14 ᠠᠩᠭᠢ ПоророPororo ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ14 ᠠᠩᠭᠢ ПоророPororo

ᠫᠣᠷᠣᠷᠣ᠋ ᠨᠢᠭᠡᠳᠦᠭᠡᠷ ᠪᠦᠯᠦᠭ14 ᠠᠩᠭᠢ ПоророPororo

2024-12-14

629

ᠫᠣᠷᠣᠷᠣ᠋ ᠨᠢᠭᠡᠳᠦᠭᠡᠷ ᠪᠦᠯᠦᠭ14 ᠠᠩᠭᠢ

ᠪᠢᠴᠢᠬᠠᠨ ᠣᠴᠣᠩ ᠰᠢᠪᠠᠭᠤ ᠫᠣᠷᠣᠷᠣ᠋ 
ᠡᠬᠢᠯᠡᠯᠲᠡ ᠶ᠋ᠢᠨ ᠳᠠᠭᠤᠤ 
ᠬᠥᠶᠢ ᠫᠣᠷᠣᠷᠣ᠋ ᠪᠠᠢᠨ᠎ᠠ 
ᠲᠣᠭᠯᠠᠬᠤ ᠮᠠᠨᠢ ᠬᠠᠮᠤᠭ ᠤ᠋ᠨ ᠭᠣᠶᠣ 
ᠨᠠᠢᠵᠠ ᠨᠤᠭᠤᠳ ᠠ᠋! ᠴᠤᠭᠯᠠᠭᠠᠷᠠᠢ 
ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
ᠬᠡᠵᠢᠶᠡᠳᠡ ᠴᠦ᠍ ᠰᠣᠨᠢᠷᠬᠠᠯᠲᠠᠢ
ᠥᠨᠥᠳᠥᠷ ᠪᠠᠰᠠ ᠶᠠᠭᠤ ᠪᠣᠯᠳᠠᠭ ᠪᠣᠯ ᠫᠣᠷᠣᠷᠣ᠋
ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋
ᠫᠤᠷᠤ ᠫᠤᠷᠤ ᠫᠤᠷᠤ ᠫᠤᠷᠤ ᠫᠣᠷᠣᠷᠣ᠋
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋

ᠬᠡ ᠬᠡ᠁
ᠶᠢᠯᠸᠢᠳᠡᠭᠦᠯᠦᠭᠰᠡᠨ ᠨᠢ
ᠫᠣᠪᠢ᠄ ᠡᠷᠲᠡ ᠤᠷᠢᠳᠤ ᠶ᠋ᠢᠨ ᠴᠠᠭ ᠲᠤ᠌ ᠴᠠᠰᠤ ᠮᠥᠰᠥ ᠪᠡᠷ ᠬᠤᠴᠢᠭᠳᠠᠭᠰᠠᠨ ᠨᠢᠭᠡᠨ ᠪᠢᠴᠢᠬᠠᠨ ᠣᠢ ᠶ᠋ᠢᠨ ᠲᠣᠰᠬᠣᠨ ᠳ᠋ᠤ᠌
ᠬᠦᠦᠷᠨᠢᠭᠴᠢ᠄ ᠫᠤᠪᠢ ᠨᠠᠢᠵᠠ ᠨᠤᠭᠤᠳ ᠲᠤ᠌ ᠪᠠᠨ ᠨᠣᠮ ᠤᠩᠰᠢᠵᠤ ᠥᠭᠴᠦ ᠪᠠᠢᠨ᠎ᠠ᠃
ᠫᠣᠪᠢ᠄ᠨᠢᠭᠡ ᠡᠳᠦᠷ ᠲᠡᠷᠡ ᠲᠣᠰᠬᠣᠨ ᠳ᠋ᠤ᠌ ᠲᠣᠮᠣ ᠠ᠋ᠴᠠ ᠲᠣᠮᠣ ᠪᠡᠶ᠎ᠡ ᠲᠡᠢ ᠨᠢᠰᠳᠡᠭ ᠠᠷᠢᠶᠠᠲᠠᠨ ᠭᠠᠷᠤᠭᠠᠳ ᠢᠷᠡᠵᠡᠢ ᠭᠡᠨ᠎ᠡ ᠲᠡᠭᠦᠨ ᠢ᠋ ᠲᠤᠭᠤᠯᠤᠭᠰᠠᠨ ᠬᠣᠢᠨ᠎ᠠ ᠠᠮᠢᠲᠠᠳ ᠪᠦᠭᠦᠳᠡ ᠭᠡᠷ ᠲᠡᠭᠡᠨ ᠣᠷᠣᠵᠤ ᠨᠢᠭᠤᠭᠳᠠᠯ᠎ᠠ ᠰᠢᠦ ᠭᠡᠲᠡᠯ᠎ᠡ ᠲᠡᠷᠡ ᠰᠥᠨᠢ ᠨᠥᠭᠥᠭᠡ ᠠᠷᠢᠶᠠᠲᠠᠨ ᠴᠢᠨᠢ ᠯᠢᠮᠪᠦ ᠦᠯᠢᠶᠡᠵᠦ( ᠫᠦᠯᠢᠶᠡᠵᠦ) ᠡᠬᠢᠯᠡᠬᠦ ᠳ᠋ᠦ᠍ ᠲᠣᠰᠬᠣᠨ ᠳ᠋ᠤ᠌ ᠠᠮᠢᠳᠤᠷᠠᠳᠠᠭ ᠪᠠᠢᠭᠰᠠᠨ ᠮᠠᠭᠤ ᠵᠢᠭᠠᠯ ᠤ᠋ᠳ ᠪᠦᠭᠦᠳᠡ ᠥᠪᠡᠷ ᠦ᠋ᠨ ᠮᠠᠲᠠᠯ ᠦᠭᠡᠢ ᠭᠡᠷ ᠡᠴᠡ ᠪᠡᠨ ᠭᠠᠷᠴᠤ ᠯᠢᠮᠪᠦ ᠲᠣᠭᠯᠠᠨ ᠶᠠᠪᠤᠭ᠎ᠠ ᠠᠷᠢᠶᠠᠲᠠᠨ ᠳ᠋ᠤ᠌ ᠣᠷᠬᠢᠭᠳᠠᠭᠤᠯᠤᠨ ᠶᠠᠪᠤᠯ᠎ᠠ᠃ ᠠᠷᠢᠶᠠᠲᠠᠨ ᠪᠦᠬᠦ ᠮᠠᠭᠤ ᠬᠡᠦᠬᠡᠳ ᠦ᠋ᠳ ᠢ᠋ ᠠᠪᠴᠤ ᠶᠠᠪᠤᠨ ᠠᠯᠠᠭ᠎ᠠ ᠪᠣᠯᠵᠤ ᠲᠣᠰᠬᠣᠨ ᠳ᠋ᠤ᠌ ᠵᠥᠪᠬᠡᠨ ᠰᠠᠢᠨ ᠬᠡᠦᠬᠡᠳ ᠦ᠋ᠳ ᠨᠢ ᠯᠡ ᠦᠯᠡᠳᠡᠭᠰᠡᠨ ᠭᠡᠳᠡᠭ᠃
ᠯᠦᠦᠫᠢ᠄ ᠮᠠᠭᠤ ᠬᠡᠦᠬᠡᠳ
ᠫᠣᠪᠢ᠄ ᠲᠡᠢᠮᠦ ᠠ᠋᠂ ᠰᠠᠢᠨ ᠬᠡᠦᠬᠡᠳ ᠦ᠋ᠳ ᠪᠢᠰᠢ
 ᠯᠦᠦᠫᠢ᠄ ᠪᠢ ᠪᠢ ᠰᠠᠢᠨ ᠬᠡᠦᠬᠡᠳ
 ᠧᠳᠢ᠄ ᠪᠢ ᠴᠦ᠍ ᠭᠡᠰᠡᠨ ᠵᠦᠭᠡᠷ ᠶᠦᠮ ᠪᠠᠢᠨ᠎ᠠ
 ᠬᠦᠦᠷᠨᠢᠭᠴᠢ᠄ ᠶᠢᠯᠸᠢᠳᠡᠭᠦᠯᠦᠭᠰᠡᠨ ᠬᠡᠦᠬᠡᠳ ᠦ᠋ᠳ ᠦ᠋ᠨ ᠲᠤᠬᠠᠢ ᠦᠯᠢᠭᠡᠷ ᠢ᠋ ᠰᠣᠨᠣᠰᠤᠭᠠᠳ ᠨᠠᠢᠵᠠ ᠨᠤᠭᠤᠳ ᠨᠢ ᠠᠶᠤᠵᠤ ᠡᠬᠢᠯᠡᠪᠡ
 ᠫᠣᠷᠣᠷᠣ᠋᠄  ᠬᠡ ᠬᠡ᠁ ᠪᠢ ᠶᠠᠪᠤᠯ᠎ᠠ
 ᠺᠷᠣᠨ᠄ ᠬᠠ ᠬᠠ
 ᠫᠣᠷᠣᠷᠣ᠋᠄ ᠣᠯᠴᠢᠬᠠᠯ᠎ᠠ ᠬᠢ ᠬᠢ ᠁
 ᠺᠷᠣᠨ᠄ ᠺᠣᠷᠠ
 ᠫᠣᠷᠣᠷᠣ᠋᠄ ᠴᠢᠩᠭᠢᠬᠦ ᠶᠠᠪᠤᠶ᠎ᠠ ᠯᠠ ᠳᠠ
 ᠬᠦᠦᠷᠨᠢᠭᠴᠢ᠄ ᠫᠣᠷᠣᠷᠣ᠋ ᠺᠷᠣᠨ ᠬᠣᠶᠠᠷ ᠪᠠᠰᠠ ᠯᠠ ᠲᠣᠮᠣᠭ᠎ᠠ ᠦᠭᠡᠢᠳᠡᠬᠦ ᠭᠡᠵᠦ ᠪᠠᠢᠬᠤ ᠰᠢᠭ᠋ ᠪᠠᠢᠨ᠎ᠠ
 ᠯᠦᠦᠫᠢ᠄ ᠬᠣᠢᠰᠢᠳᠠ ᠤᠬᠢᠯᠠᠬᠤ ᠦᠭᠡᠢ ᠨᠠᠢᠵᠠ ᠨᠤᠭᠤᠳ ᠲᠠᠢ ᠪᠠᠨ ᠡᠪᠲᠡᠢ ᠨᠠᠢᠷᠲᠠᠢ ᠲᠣᠭᠯᠠᠵᠤ ᠪᠠᠢᠨ᠎ᠠ
         ᠠ⁉
         ᠠ᠁ ᠪᠢ ᠮᠠᠭᠤ ᠬᠡᠦᠬᠡᠳ ᠪᠢᠰᠢ ᠠ᠋
 ᠧᠳᠢ᠄ ᠬᠣᠢᠰᠢᠳᠠ ᠳᠠᠬᠢᠵᠤ ᠮᠠᠭᠤᠳᠠᠯᠴᠠᠬᠤ ᠦᠭᠡᠢ
        ᠠ᠁
 ᠫᠣᠷᠣᠷᠣ᠋᠄ ᠬᠢ ᠬᠠ ᠬᠠ᠁
 ᠣᠯᠠᠨ᠄ ᠫᠤᠪᠢ᠂ ᠫᠤᠪᠢ᠂ ᠫᠤᠪᠢ
 ᠫᠣᠪᠢ᠄ ᠦ᠂ ᠬᠡᠨ ᠪᠣᠢ?
 ᠧᠳᠢ᠄  ᠫᠦ᠍᠂  ᠫᠦ᠍᠂ ᠫᠤᠪᠢ ᠠᠷᠢᠶᠠᠲᠠᠨ ᠢᠷᠡᠭᠰᠡᠨ ᠪᠠᠢᠨ᠎ᠠ᠂ ᠴᠣᠩᠬᠣᠨ ᠤ᠋ ᠴᠠᠭᠠᠨ᠎ᠠ ᠠ᠋ᠴᠠ ᠠᠶᠤᠮᠰᠢᠭᠲᠠᠢ ᠠᠷᠢᠶᠠᠲᠠᠨ ᠢᠷᠡᠭᠰᠡᠨ
 ᠫᠣᠪᠢ᠄ ᠦ ᠁
 ᠫᠣᠷᠣᠷᠣ᠋᠄ ᠬᠠ ᠬᠠ ᠪᠢ ᠶᠠᠪᠤᠶ᠎ᠠ ᠲᠠ 
 ᠫᠣᠪᠢ᠄ ᠬᠡᠳᠦᠭᠦᠯᠡ ᠪᠡᠨ ᠢᠩᠭᠢᠶ᠎ᠡ
 ᠫᠣᠷᠣᠷᠣ᠋᠄ ᠬᠠ ᠬᠠ
 ᠺᠷᠣᠨ᠄ ᠬᠠ ᠬᠠ
 ᠫᠣᠷᠣᠷᠣ᠋᠄ ᠵᠠ ᠡᠬᠢᠯᠡᠵᠡᠭᠡᠶ᠎ᠡ
 ᠺᠷᠣᠨ᠄ ᠺᠣᠷᠠ ᠺᠣᠷᠠ
 ᠫᠣᠷᠣᠷᠣ᠋᠄ ᠳᠠᠬᠢᠵᠤ ᠮᠠᠭᠤ ᠶᠠᠭᠤᠮ᠎ᠠ ᠬᠢᠬᠦ ᠦᠭᠡᠢ ᠠᠮᠢ ᠠᠪᠤᠷᠠᠭᠠᠷᠠᠢ
 ᠣᠯᠠᠨ᠄ ᠬᠢ ᠬᠢ ᠬᠠ ᠬᠠ ᠺᠣᠷᠠ
         ᠲᠠ ᠬᠣᠶᠠᠷ ᠴᠤ᠌ ᠭᠡᠰᠡᠨ ᠲᠣᠭᠯᠠᠭᠰᠠᠨ ᠪᠢᠵᠡ ᠳᠠ
 ᠫᠣᠷᠣᠷᠣ᠋᠄ ᠦᠭᠡᠢ ᠪᠢᠳᠡ ᠬᠣᠶᠠᠷ
 ᠺᠷᠣᠨ᠄ ᠪᠢᠳᠡ ᠬᠣᠶᠠᠷ
 ᠫᠣᠪᠢ᠄ ᠪᠤᠯᠢᠵᠠᠭ᠎ᠠ ᠨᠠᠢᠵᠠ ᠨᠤᠭᠤᠳ ᠪᠢᠳᠡ ᠨᠠᠷ ᠢᠩᠭᠢᠵᠦ ᠲᠣᠭᠯᠠᠭᠠᠳ ᠪᠠᠢᠬᠤ ᠶᠤᠮ ᠪᠣᠯ ᠵᠢᠩᠬᠢᠨᠢ ᠡᠴᠡ ᠪᠡᠨ ᠠᠷᠢᠶᠠᠲᠠᠨ ᠭᠠᠷᠤᠭᠠᠳ ᠢᠷᠡᠵᠦ ᠮᠠᠭᠠᠳ ᠦᠭᠡᠢ ᠰᠢᠦ
 ᠣᠯᠠᠨ᠄ ᠬᠢ ᠬᠢ ᠬᠡ ᠬᠡ᠁
 ᠬᠦᠦᠷᠨᠢᠭᠴᠢ᠄ ᠫᠣᠷᠣᠷᠣ᠋ ᠺᠷᠣᠮ ᠬᠣᠶᠠᠷ ᠡᠭᠦᠨ ᠡᠴᠡ ᠬᠣᠢᠰᠢ ᠳᠠᠬᠢᠵᠤ ᠡᠢᠮᠦ ᠮᠠᠭᠤᠬᠠᠢ ᠪᠠᠷ ᠲᠣᠭᠯᠠᠵᠤ ᠪᠠᠢᠬᠤ ᠦᠭᠡᠢ ᠭᠡᠵᠦ ᠰᠢᠢᠳᠦᠯ᠎ᠡ᠃

ᠲᠡᠭᠦᠰᠬᠡᠯ ᠦ᠋ᠨ ᠳᠠᠭᠤᠤ
ᠯᠡ ᠯᠡ᠁ ᠯᠡ᠁ ᠺᠣᠷᠠ
ᠯᠡ ᠯᠡ᠁ ᠯᠡ᠁ ᠺᠣᠷᠠ
ᠯᠡ ᠯᠡ᠁ ᠯᠡ ᠯᠡ᠁ ᠯᠡ ᠺᠣᠷᠠ
ᠮᠥᠰᠥᠨ ᠦ᠌ ᠴᠠᠭᠠᠨ ᠪᠠᠭᠠᠪᠠᠭᠠᠢ ᠫᠣᠪᠢ
ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠧᠳᠢ
ᠰᠠᠢᠬᠠᠨ ᠰᠡᠳᠬᠢᠯᠳᠦ ᠮᠢᠨᠵᠢ ᠥᠬᠢᠨ ᠯᠦᠦᠫᠢ
ᠳ᠋ᠢᠨᠰᠠᠪᠤᠤᠷ ᠤ᠋ᠨ ᠵᠤᠯᠵᠠᠭ᠎ᠠ ᠺᠷᠣᠨ
ᠰᠠᠬᠢᠯᠭ᠎ᠠ ᠦᠭᠡᠢ ᠪᠠᠨᠳᠢ ᠫᠣᠷᠣᠷᠣ᠋
ᠪᠢᠳᠡ ᠪᠣᠯ ᠰᠠᠢᠨ ᠨᠠᠢᠵᠠ ᠨᠤᠭᠤᠳ
ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ
ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ
ᠦᠷᠭᠦᠯᠵᠢ ᠪᠡᠶ᠎ᠡ ᠪᠡᠶ᠎ᠡ ᠪᠡᠨ ᠣᠢᠯᠠᠭᠠᠵᠤ
ᠪᠢᠳᠡ ᠰᠠᠢᠨ ᠨᠠᠢᠵᠠ ᠨᠤᠭᠤᠳ ᠪᠢᠯᠡ
ᠶᠠ ᠶᠠ ᠁ ᠶᠠ ᠺᠣᠷᠠ ᠺᠣᠷᠠ

   ᠦᠰᠦᠭ ᠠᠮᠢᠯᠠᠭᠤᠯᠤᠨ ᠬᠠᠲᠠᠭᠰᠠᠨ ᠨᠢ᠄ ᠪᠦᠷᠢᠨᠴᠡᠴᠡᠭ
   ᠬᠢᠨᠠᠭᠴᠢ᠄ ᠮᠥᠴᠢᠷ᠂ ᠱᠤᠳᠤᠷᠭᠤ᠂ ᠵ· ᠴᠡᠴᠡᠭ᠂ ᠢᠷᠡᠭᠡᠳᠦᠢ᠂ ᠤᠶᠠᠬᠠᠨ᠂ ᠡᠷᠳᠡᠨᠢᠪᠢᠯᠢᠭ